ᠰᠢᠨᠬᠤᠸᠠ ᠬᠦᠬᠡᠬᠤᠳᠠ ᠶᠢᠨ 1 ᠰᠠᠷᠠ ᠶᠢᠨ 8 ᠡᠳᠤᠷ ᠤᠨ ᠴᠠᠬᠢᠯᠭᠠᠨ ᠮᠡᠳᠡᠬᠡ (ᠰᠤᠷᠪᠤᠯᠵᠢᠯᠠᠭᠴᠢ ᠯᠢᠦ | ᠢᠦᠢ ᠳ᠋ᠧ) ᠰᠤᠷᠪᠤᠯᠵᠢᠯᠠᠭᠴᠢ ᠤᠶᠢᠷᠠ ᠳᠤ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠲᠡᠭᠡᠳᠤ ᠵᠡᠷᠬᠡ ᠶᠢᠨ ᠠᠷᠠᠳ ᠤᠨ | ᠰᠢᠬᠦᠬᠦ ᠬᠤᠷᠢᠶᠠ ᠡᠴᠡ ᠤᠶᠢᠯᠭᠠᠬᠰᠠᠨ ᠢᠶᠡᠷ᠂ ᠤᠳᠤ ᠪᠤᠯᠳᠠᠯᠠ ᠦᠪᠦᠷ ᠮᠤᠩᠭ᠋ᠤᠯ ᠤᠨ 121 ᠰᠢᠬᠦᠬᠦ ᠬᠤᠷᠢᠶᠠ ᠪᠦᠬᠦᠨ | ᠢᠶᠡᠨ《12368》ᠵᠠᠷᠭᠤᠯᠳᠤᠬᠤ ᠤᠳᠠᠰᠤ ᠨᠡᠪᠳᠡᠷᠡᠭᠦᠯᠪᠠ᠂ ᠢᠷᠭᠡᠳ ᠡᠨᠡᠬᠦ ᠤᠳᠠᠰᠤ ᠵᠢ ᠵᠠᠯᠭᠠᠵᠦ ᠬᠡᠷᠡᠭ ᠤᠴᠢᠷ ᠤᠨ | ᠰᠤᠷᠠᠭ ᠵᠠᠩᠬᠢ ᠶᠢ ᠬᠠᠶᠢᠬᠤ᠂ ᠵᠠᠷᠭᠤᠯᠳᠤᠬᠤ ᠶᠠᠪᠤᠴᠠ ᠶᠢ ᠠᠰᠠᠭᠤᠨ ᠯᠠᠪᠯᠠᠬᠤ ᠵᠢᠴᠢ ᠤᠪᠤᠷ ᠮᠠᠭᠤ ᠰᠢᠬᠦᠭ᠍ᠴᠢ ᠶᠢ ᠵᠠᠭᠠᠯᠳᠤᠬᠤ ᠪᠤᠶᠤ | ᠢᠯᠡᠴᠢᠯᠡᠨ ᠮᠡᠳᠡᠬᠦᠯᠵᠦ ᠪᠤᠯᠤᠨᠠ᠃ | 《12368》 ᠵᠠᠷᠭᠤᠯᠳᠤᠬᠤ ᠦᠢᠯᠡᠴᠢᠯᠡᠬᠡᠨ ᠤ ᠤᠳᠠᠰᠤ ᠪᠤᠯ ᠵᠠᠷᠭᠤᠯᠳᠤᠭᠤ ᠦᠢᠯᠡᠴᠢᠯᠡᠬᠡ ᠳᠤ ᠴᠠᠭ ᠲᠤᠬᠠᠢ ᠳᠤᠨᠢ | ᠬᠠᠷᠢᠭᠤᠯᠬᠤ ᠲᠠᠪᠴᠠᠩ᠂ ᠦᠢᠯᠡᠴᠢᠯᠡᠬᠦ ᠡᠳᠡᠭᠡᠳ ᠨᠢ ᠭᠤᠤᠯᠳᠠᠭᠤ ᠵᠠᠮ ᠬᠠᠷᠢᠯᠴᠠᠭᠠᠨ ᠤ ᠲᠦᠭᠦᠮ ᠦᠭᠡᠢ ᠪᠦᠭᠡᠳ ᠨᠧᠲ ᠠᠰᠢᠭᠯᠠᠬᠤ | ᠨᠦᠬᠦᠴᠡᠯ ᠦᠭᠡᠢ ᠵᠠᠷᠭᠤᠯᠳᠤᠬᠤ ᠢᠷᠭᠡᠳ ᠪᠤᠯᠤᠨᠠ᠃ | | |