ᠰᠢᠨᠬᠤᠸ᠋ᠠ ᠪᠡᠭᠡᠵᠢᠩ ᠤᠨ 1 ᠰᠠᠷᠡ ᠵᠢᠨ 5 ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠯᠢᠤ ᠶᠠᠩ | ᠶᠠᠩ) ᠤᠯᠤᠰ ᠤᠨ ᠡᠷᠴᠢᠮ ᠬᠦᠴᠦᠨ ᠤ ᠲᠤᠪᠴᠢᠶᠠᠨ ᠤ ᠳᠡᠳ᠋ ᠳᠠᠷᠤᠭᠠ ᠯᠢ ᠶᠠᠩ ᠵᠧ 5 ᠡᠳᠦᠷ《13·5》ᠬᠦᠭᠵᠢᠯᠳᠡ ᠶᠢᠨ | ᠳᠦᠰᠦᠯ ᠤᠨ ᠬᠤᠭᠤᠴᠠᠭᠠᠨ ᠳ᠋ᠤ ᠮᠠᠨ ᠤ ᠤᠯᠤᠰ ᠤᠨ ᠳᠠᠬᠢᠨ ᠰᠡᠷᠬᠦᠬᠡᠭᠳᠡᠬᠦ ᠡᠷᠴᠢᠮ ᠬᠦᠴᠦ ᠪᠡᠷ ᠴᠠᠬᠢᠯᠭᠠᠨ ᠭᠠᠷᠭᠠᠬᠤ ᠮᠠᠰᠢᠨ | ᠴᠤᠬᠴᠠᠯᠠᠪᠤᠷᠢ ᠵᠢᠨ ᠶᠡᠷᠦᠩᠬᠡᠢ ᠬᠡᠮᠵᠢᠶᠡᠨ ᠤ ᠵᠢᠯ ᠳᠤᠮᠳᠠᠴᠢ ᠵᠢᠨ ᠨᠡᠮᠡᠭᠳᠡᠯ 4250 ᠲᠦᠮᠡᠨ ᠺᠢᠯᠤᠧᠠᠲ᠋ ᠲᠤ | ᠬᠦᠷᠴᠦ᠂《13·5》 ᠤ᠋ᠨ ᠵᠢᠯ ᠳᠤᠮᠳᠠᠴᠢ ᠵᠢᠨ ᠰᠢᠨᠡ ᠪᠡᠷ ᠨᠡᠮᠡᠭᠳᠡᠬᠦ ᠮᠠᠰᠢᠨ ᠴᠤᠭᠴᠠᠯᠠᠪᠤᠷᠢ ᠵᠢᠨ ᠬᠡᠮᠵᠢᠶᠡᠨ ᠤ ᠬᠠᠭᠠᠰ ᠰᠢᠬᠠᠮ | ᠡᠵᠡᠯᠡᠬᠦ ᠪᠤᠯᠤᠨᠠ ᠭᠡᠵᠦ ᠢᠯᠡᠳᠬᠡᠪᠡ᠃ | ᠯᠢ ᠶᠠᠩ ᠵᠧ 5 ᠡᠳᠦᠷ ᠤᠨ ᠬᠡᠪᠯᠡᠯ ᠮᠡᠳᠡᠬᠡᠯᠡᠯ ᠤᠨ ᠬᠤᠷᠠᠯ ᠢᠶᠡᠷ᠂《13·5》 ᠤ᠋ᠨ ᠬᠤᠭᠤᠴᠠᠭᠠᠨ ᠳ᠋ᠤ ᠮᠠᠨ ᠤ | ᠤᠯᠤᠰ ᠤᠨ ᠳᠠᠬᠢᠨ ᠰᠡᠷᠬᠦᠬᠡᠭᠳᠡᠬᠦ ᠡᠷᠴᠢᠮ ᠬᠦᠴᠦ ᠲᠦᠷᠭᠡᠨ ᠬᠦᠭᠵᠢᠯᠲᠡ ᠲᠠᠢ ᠪᠤᠯᠬᠤ ᠪᠦᠭᠡᠳ ᠮᠠᠨ ᠤ ᠤᠯᠤᠰ ᠤᠨ ᠡᠷᠴᠢᠮ ᠬᠦᠴᠦ | ᠪᠠ ᠴᠠᠬᠢᠯᠭᠠᠨ ᠬᠦᠴᠦ ᠵᠢᠨ ᠨᠡᠮᠡᠭᠳᠡᠬᠦ ᠬᠡᠮᠵᠢᠶᠡᠨ ᠤ ᠭᠤᠤᠯ ᠪᠦᠷᠢᠯᠳᠦᠭᠦᠨ ᠬᠡᠰᠡᠭ ᠪᠤᠯᠤᠨᠠ᠃ ᠠᠩᠬᠠ ᠠᠯᠬᠤᠮ ᠤᠨ ᠬᠡᠮᠵᠢᠨ | ᠪᠤᠳᠤᠯᠲᠠ ᠪᠡᠷ᠂ ᠪᠦᠬᠦᠢᠢᠯᠡ《13·5》 ᠤ᠋ᠨ ᠬᠤᠭᠤᠴᠠᠭᠠᠨ ᠳ᠋ᠤ᠂ ᠳᠠᠬᠢᠨ ᠰᠡᠷᠬᠦᠬᠡᠭᠳᠡᠬᠦ ᠡᠷᠴᠢᠮ ᠬᠦᠴᠦᠨ ᠤ ᠶᠡᠷᠦᠩᠬᠡᠢ | ᠬᠦᠷᠦᠩᠬᠡ ᠡᠤᠷᠤᠭᠤᠯᠤᠯᠲᠠ 2.5 ᠲᠦᠮᠡᠨ ᠳ᠋ᠦᠩᠰᠢᠭᠤᠷ ᠲᠤ ᠬᠦᠷᠦᠨᠠ᠂ ᠲᠤᠬᠠᠢ ᠵᠢᠨ ᠦᠶᠡ ᠳᠤ ᠳᠠᠬᠢᠨ ᠰᠡᠷᠬᠦᠬᠡᠭᠳᠡᠬᠦ | ᠡᠷᠴᠢᠮ ᠬᠦᠴᠦᠨ ᠤ ᠠᠰᠢᠬᠯᠠᠯᠳᠠ ᠵᠢᠨ ᠬᠡᠮᠵᠢᠶᠡ 14 ᠳ᠋ᠦᠩᠰᠢᠭᠤᠷ ᠲᠤᠨ ᠰᠢᠬᠠᠮ ᠨᠡᠭᠦᠷᠡᠰᠦᠲᠦ᠋ᠷᠦᠭᠴᠢ ᠵᠢᠨ ᠳᠠᠪᠬᠤᠷ ᠢᠰᠦᠯ ᠢ | ᠭᠠᠳᠠᠭᠰᠢᠯᠠᠭᠤᠯᠬᠤ ᠬᠡᠮᠵᠢᠶᠠ ᠵᠢ ᠪᠠᠭᠠᠰᠬᠠᠵᠤ᠂ 1000 ᠲᠤᠨ ᠰᠢᠬᠠᠮ ᠬᠦᠬᠦᠷ ᠤᠨ ᠳᠠᠪᠬᠤᠷ ᠢᠰᠦᠯ ᠢ ᠭᠠᠳᠠᠭᠰᠢᠯᠠᠭᠤᠯᠬᠤ ᠬᠡᠮᠵᠢᠶᠠ | ᠵᠢ ᠪᠠᠭᠠᠰᠬᠠᠵᠤ᠂ 430 ᠲᠤᠨ ᠰᠢᠬᠠᠮ ᠠᠽᠤᠲ ᠤᠨ ᠢᠰᠦᠮᠡᠭ ᠢ ᠭᠠᠳᠠᠭᠰᠢᠯᠠᠭᠤᠯᠬᠤ ᠬᠡᠮᠵᠢᠶᠡ ᠶᠢ ᠪᠠᠭᠠᠰᠬᠠᠵᠤ᠂ ᠵᠢᠯ ᠳᠤ 38 | ᠳ᠋ᠦᠩᠰᠢᠭᠤᠷ ᠺᠦᠧᠠᠳ᠋ ᠮᠧᠲ᠋ᠷ ᠤᠰᠤ ᠬᠡᠮᠨᠡᠭᠰᠡᠨ ᠲᠠᠢ ᠲᠡᠩᠴᠡᠵᠦ᠂ ᠳᠠᠷᠡᠴᠢᠯᠠᠨ ᠠᠵᠢᠯ ᠤᠨ ᠪᠠᠶᠢᠷᠢᠨ ᠳᠤ ᠭᠠᠷᠤᠭᠰᠠᠳ 1300 | ᠲᠦᠮᠡ ᠵᠢ ᠳᠠᠪᠠᠵᠤ ᠡᠳ᠋ ᠤᠨ ᠵᠠᠰᠠᠭ᠂ ᠪᠠᠶᠢᠭᠠᠯᠢ ᠤᠷᠴᠢᠨ ᠪᠠ ᠨᠡᠢᠢᠭᠡᠮ ᠤᠨ ᠦᠷᠠ ᠠᠰᠢᠭ ᠴᠦᠮ ᠮᠠᠰᠢ ᠰᠠᠢᠢᠨ ᠪᠤᠯᠤᠨᠠ ᠭᠡᠵᠠᠢ᠃ | : |