ᠤᠳᠤᠬᠠᠨ ᠳᠤ ᠦᠪᠡᠷᠳᠡᠬᠡᠨ ᠵᠠᠰᠠᠬᠤ ᠤᠷᠤᠨ ᠤ ᠰᠤᠷᠭᠠᠨ ᠬᠦᠮᠦᠵᠢᠯ ᠤᠨ ᠲᠢᠩᠬᠢᠮ᠂ ᠦᠬᠡᠷᠡᠴᠢᠯᠡᠯᠳᠡ | ᠬᠦᠭ᠍ᠵᠢᠬᠦᠯᠦᠯᠳᠡ ᠶᠢᠨ ᠵᠦᠪᠯᠡᠯ᠂ ᠡᠳ᠋ ᠤᠨ ᠵᠠᠰᠠᠭ ᠤᠨ ᠲᠢᠩᠬᠢᠮ ᠡᠴᠡ ᠬᠠᠮᠳᠤᠷᠠᠨ ᠲᠠᠷᠬᠠᠭᠠᠭᠰᠠᠨ ᠮᠠᠲ᠋ᠧᠷᠢᠶᠠᠯ ᠳᠤ ᠂ ᠤᠯᠠᠭᠠᠨᠬᠠᠳᠠ | ᠲᠡᠭᠡᠳᠤ ᠰᠤᠷᠭᠠᠭᠤᠯᠢ ᠵᠡᠷᠭᠡ 9 ᠶᠡᠬᠡ ᠲᠡᠭᠡᠳᠤ ᠰᠤᠷᠭᠠᠭᠤᠯᠢ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠵᠠᠭᠪᠤᠷ ᠢᠶᠡᠨ | ᠦᠬᠡᠷᠡᠴᠢᠯᠡᠨ ᠬᠦᠭ᠍ᠵᠢᠬᠦ ᠲᠤᠷᠰᠢᠯᠳᠠ ᠶᠢᠨ ᠴᠢᠬ ᠤᠨ ᠰᠤᠷᠭᠠᠭᠤᠯᠢ ᠶᠢᠨ ᠨᠡᠷᠡᠰ ᠲᠤ ᠵᠢᠬᠰᠠᠭᠠᠭᠳᠠᠵᠤ᠂ ᠦᠪᠡᠷᠳᠡᠬᠡᠨ ᠵᠠᠰᠠᠬᠤ ᠤᠷᠤᠨ ᠤ | ᠡᠳ᠋ ᠤᠨ ᠵᠠᠰᠠᠭ᠂ ᠦᠬᠡᠷᠡᠴᠢᠯᠡᠯᠳᠡ ᠬᠦᠭ᠍ᠵᠢᠬᠦᠯᠦᠯᠳᠡ ᠶᠢᠨ ᠵᠦᠪᠯᠡᠯ ᠵᠡᠷᠬᠡ ᠰᠠᠯᠠᠭᠠ ᠮᠦᠴᠢᠷ ᠡᠴᠡ ᠲᠤᠰᠬᠠᠢ ᠲᠦᠰᠦᠯ ᠤᠨ ᠹᠤᠡᠲ ᠢᠶᠡᠷ | ᠲᠤᠷᠰᠢᠯᠳᠠ ᠶᠢᠨ ᠴᠢᠬ ᠤᠨ ᠰᠤᠷᠭᠠᠭᠤᠯᠢ ᠶᠢᠨ ᠵᠠᠭᠪᠤᠷ ᠢᠶᠡᠨ ᠦᠬᠡᠷᠡᠴᠢᠯᠡᠨ ᠬᠦᠭ᠍ᠵᠢᠬᠦ ᠶᠢ ᠢᠳᠡᠪᠬᠢᠲᠠᠢ ᠲᠡᠮᠵᠢᠨᠠ ᠭᠡᠵᠡᠢ᠃ | | ᠵᠠᠷᠢᠮ ᠡᠩ ᠤᠨ ᠶᠡᠬᠡ ᠲᠡᠭᠡᠳᠤ ᠰᠤᠷᠭᠠᠭᠤᠯᠢ ᠶᠢ ᠬᠡᠷᠡᠭᠯᠡᠬᠡᠨ ᠤ ᠬᠡᠯᠪᠡᠷᠢ ᠲᠡᠶᠢᠰᠢ ᠦᠬᠡᠷᠡᠴᠢᠯᠡᠬᠦ (ᠵᠠᠭᠪᠤᠷ ᠦᠭᠡᠷᠡᠴᠢᠯᠡᠨ | ᠬᠦᠭ᠍ᠵᠢᠬᠦ) ᠳ᠋ᠦ ᠬᠦᠳᠦᠯᠬᠦ ᠪᠤᠯ ᠲᠦᠷᠦ ᠶᠢᠨ ᠶᠠᠪᠤᠳᠠᠯ ᠤᠨ ᠬᠤᠷᠢᠶᠠ ᠡᠴᠡ ᠭᠠᠷᠭᠠᠬᠰᠠᠨ ᠲᠤᠮᠤ ᠶᠡᠬᠡ ᠲᠦᠰᠦᠯ᠂ ᠮᠦᠨ ᠴᠦ ᠦᠪᠦᠷ | ᠮᠤᠩᠭ᠋ᠤᠯ ᠡᠴᠡ ᠶᠡᠬᠡ ᠲᠡᠭᠡᠳᠤ ᠰᠤᠷᠭᠠᠭᠤᠯᠢ ᠶᠢᠨ ᠰᠤᠷᠭᠠᠨ ᠬᠦᠮᠦᠵᠢᠯ ᠤᠨ ᠪᠦᠲᠦᠴᠡ ᠶᠢᠨ ᠲᠤᠬᠢᠷᠠᠭᠤᠯᠤᠯᠳᠠ ᠶᠢ ᠬᠦᠨᠵᠡᠬᠡᠶᠢᠷᠡᠬᠦᠯᠤᠨ᠂ | ᠬᠡᠷᠡᠭᠯᠡᠬᠡᠨ ᠤ ᠮᠡᠷᠬᠡᠵᠢᠯᠳᠡᠨ ᠢ ᠬᠦᠮᠦᠵᠢᠬᠦᠯᠬᠦ ᠶᠢ ᠲᠦᠷᠬᠡᠳᠬᠡᠨ ᠶᠡᠬᠡ ᠲᠡᠭᠡᠳᠤ ᠰᠤᠷᠭᠠᠭᠤᠯᠢ ᠶᠢᠨ ᠦᠪᠡᠷᠮᠢᠴᠡ ᠬᠦᠭ᠍ᠵᠢᠯᠳᠡ ᠢᠢ | ᠠᠬᠢᠭᠤᠯᠬᠤ ᠴᠢᠬᠤᠯᠠ ᠠᠷᠭᠠ ᠪᠤᠯᠤᠨᠠ᠃ ᠡᠬᠦᠨ ᠳᠤ ᠦᠪᠦᠷ ᠮᠤᠩᠭ᠋ᠤᠯ ᠤᠨ ᠵᠠᠰᠠᠭ ᠤᠨ ᠤᠷᠳᠤᠨ ᠤ ᠵᠦᠪᠰᠢᠶᠡᠷᠡᠯ ᠢᠶᠡᠷ ᠦᠪᠦᠷ | ᠮᠤᠩᠭ᠋ᠤᠯ ᠤᠨ 9 ᠰᠤᠷᠭᠠᠭᠤᠯᠢ ᠵᠠᠭᠪᠤᠷ ᠢᠶᠡᠨ ᠦᠬᠡᠷᠡᠴᠢᠯᠡᠨ ᠬᠦᠭ᠍ᠵᠢᠬᠦ ᠲᠤᠷᠰᠢᠯᠳᠠ ᠶᠢᠨ ᠴᠢᠬ ᠤᠨ ᠶᠡᠬᠡ ᠲᠡᠭᠡᠳᠤ | ᠰᠤᠷᠭᠠᠭᠤᠯᠢ ᠪᠤᠯᠵᠠᠢ᠂ ᠡᠭᠦᠨ ᠳ᠋ᠦ ᠤᠯᠠᠭᠠᠨᠬᠠᠳᠠ ᠲᠡᠭᠡᠳᠤ ᠰᠤᠷᠭᠠᠭᠤᠯᠢ᠂ ᠬᠦᠯᠦᠨ ᠪᠤᠶᠢᠷ ᠲᠡᠭᠡᠳᠤ ᠰᠤᠷᠭᠠᠭᠤᠯᠢ᠂ ᠪᠤᠷᠤᠳᠤᠬᠤᠢ | ᠲᠡᠭᠡᠳᠤ ᠰᠤᠷᠭᠠᠭᠤᠯᠢ᠂ ᠵᠢᠨᠢᠩ ᠪᠠᠭᠰᠢ ᠶᠢᠨ ᠲᠡᠭᠡᠳᠤ ᠰᠤᠷᠭᠠᠭᠤᠯᠢ᠂ ᠦᠪᠦᠷ ᠮᠤᠩᠭ᠋ᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ | ᠬᠤᠩ ᠳ᠋ᠧ ᠲᠡᠭᠡᠳᠤ ᠰᠤᠷᠭᠠᠭᠤᠯᠢ ᠵᠡᠷᠬᠡ 5 ᠲᠡᠭᠡᠳᠤ ᠰᠤᠷᠭᠠᠭᠤᠯᠢ ᠨᠢ ᠪᠦᠬᠦᠯᠢ ᠴᠤᠭᠴᠠ ᠳᠤ ᠵᠠᠭᠪᠤᠷ ᠢᠶᠡᠨ ᠦᠬᠡᠷᠡᠴᠢᠯᠡᠬᠦ | ᠲᠤᠷᠰᠢᠯᠳᠠ ᠶᠢᠨ ᠴᠢᠬ ᠪᠤᠯᠵᠤ᠂ ᠦᠪᠦᠷ ᠮᠤᠩᠬ᠋ᠤᠯ ᠤᠨ ᠠᠨᠠᠭᠠᠬᠤ ᠤᠬᠠᠭᠠᠨ ᠤ ᠶᠡᠬᠡ ᠰᠤᠷᠭᠠᠭᠤᠯᠢ ᠂ ᠦᠪᠦᠷ ᠮᠤᠩᠬ᠋ᠤᠯ ᠤᠨ | ᠲᠧᠭᠨᠤᠯᠤᠬᠢ ᠶᠢᠨ ᠶᠡᠬᠡ ᠰᠤᠷᠭᠠᠭᠤᠯᠢ ᠂ ᠦᠪᠦᠷ ᠮᠤᠩᠬ᠋ᠤᠯ ᠤᠨ ᠲᠠᠷᠢᠶᠠᠯᠠᠩ ᠤᠨ ᠶᠡᠬᠡ ᠰᠤᠷᠭᠠᠭᠤᠯᠢ ᠂ ᠪᠤᠭᠤᠳᠤ ᠶᠢᠨ ᠠᠨᠠᠭᠠᠬᠤ | ᠤᠬᠠᠭᠠᠨ ᠤ ᠲᠡᠭᠡᠳᠤ ᠰᠤᠷᠭᠠᠭᠤᠯᠢ ᠵᠡᠷᠬᠡ 4 ᠰᠤᠷᠭᠠᠭᠤᠯᠢ ᠨᠢ ᠵᠠᠷᠢᠮ ᠮᠡᠷᠬᠡᠵᠢᠯ ᠤᠨ ᠦᠬᠡᠷᠡᠴᠢᠯᠡᠯᠳᠡ ᠶᠢᠨ ᠲᠤᠷᠰᠢᠯᠳᠠ ᠶᠢᠨ ᠴᠢᠬ | ᠪᠤᠯᠪᠠ᠃ | |