ᠰᠢᠨᠬᠤᠧᠠ ᠬᠤᠷᠢᠶᠠ ᠪᠡᠬᠡᠵᠢᠩ ᠤᠨ 1 ᠰᠠᠷᠠ ᠶᠢᠨ 11 ᠡᠳᠦᠷ ᠤᠨ ᠴᠠᠬᠢᠯᠭᠠᠨ ᠮᠡᠳᠡᠬᠡ ᠰᠤᠷᠪᠤᠯᠵᠢᠯᠠᠭᠴᠢ ᠤᠶᠢᠷᠠ ᠶᠢᠨ | ᠡᠳᠦᠷ ᠰᠤᠷᠭᠠᠨ ᠬᠦᠮᠦᠵᠢᠯ ᠤᠨ ᠶᠠᠮᠤᠨ ᠡᠴᠡ ᠤᠶᠢᠯᠠᠭᠠᠭᠰᠠᠨ ᠢᠶᠡᠷ᠂ 2017 ᠤᠨ ᠤ ᠬᠠᠪᠤᠷ ᠡᠬᠢᠯᠡᠬᠦ ᠰᠤᠷᠤᠯᠭᠠ ᠶᠢᠨ | ᠬᠤᠭᠤᠴᠠᠭᠠᠨ ᠤ ᠵᠢᠭᠠᠬᠤ ᠮᠠᠲ᠋ᠧᠷᠢᠶᠠᠯ ᠳᠤ 14 ᠵᠢᠯ ᠶᠠᠫᠤᠨ ᠢ ᠡᠰᠡᠷᠬᠦᠴᠡᠭᠰᠡᠨ ᠳᠠᠶᠢᠨ ᠬᠡᠮᠡᠬᠦ ᠤᠬᠠᠭᠳᠠᠬᠤᠨ ᠢ ᠬᠡᠷᠡᠭᠯᠡᠵᠤ᠂ | ᠦᠩᠬᠡᠷᠡᠭᠰᠡᠨ ᠤ 8 ᠵᠢᠯ ᠶᠠᠫᠤᠨ ᠢ ᠡᠰᠡᠷᠬᠦᠴᠡᠭᠰᠡᠨ ᠳᠠᠶᠢᠨ ᠤ ᠳᠡᠤᠬᠡᠨ ᠤᠨ ᠵᠢᠯ ᠢ 14 ᠵᠢᠯ ᠪᠤᠯᠭᠠᠨ ᠬᠤᠪᠢᠷᠠᠭᠤᠯᠬᠤ ᠪᠡᠷ | ᠳᠤᠭᠳᠠᠵᠠᠢ᠃ | ᠳᠠᠨᠢᠯᠴᠠᠭᠤᠯᠤᠭᠰᠠᠨ ᠢᠶᠡᠷ᠂ ᠡᠨᠡᠬᠦ ᠦᠬᠡᠷᠡᠴᠢᠯᠡᠯᠳᠡ ᠨᠢ ᠶᠠᠫᠤᠨ ᠢ ᠡᠰᠡᠷᠬᠦᠴᠡᠭᠰᠡᠨ 8 ᠵᠢᠯ ᠬᠡᠮᠡᠬᠦ ᠤᠬᠠᠭᠳᠠᠬᠤᠨ ᠢ | ᠦᠬᠡᠶᠢᠰᠬᠡᠭᠰᠡᠨ ᠤᠴᠢᠷ ᠪᠢᠰᠢ᠂ ᠬᠠᠷᠢᠨ ᠳᠡᠤᠬᠡ ᠶᠢᠨ ᠪᠦᠬᠦᠶᠢᠯᠡ ᠴᠤᠭᠴᠠ ᠶᠢ ᠬᠠᠮᠤᠷᠤᠭᠰᠠᠨ ᠤᠴᠢᠷ ᠪᠤᠯᠤᠨᠠ᠃ ᠳᠤᠮᠳᠠᠳᠤ | ᠤᠯᠤᠰ ᠤᠨ ᠶᠠᠫᠤᠨ ᠢ ᠡᠰᠡᠷᠬᠦᠴᠡᠭᠰᠡᠨ ᠳᠠᠶᠢᠨ ᠤ ᠳᠡᠤᠬᠡᠨ ᠳᠤ᠂ 8 ᠵᠢᠯ ᠤᠨ ᠶᠠᠫᠤᠨ ᠢ ᠡᠰᠡᠷᠬᠦᠴᠡᠭᠰᠡᠨ ᠳᠠᠶᠢᠨ ᠬᠡᠳᠡᠭ ᠨᠢ 1937 | ᠤᠨ ᠤ 《7 ᠰᠠᠷᠠ ᠶᠢᠨ 7 ᠬᠡᠷᠡᠭ ᠬᠤᠪᠢᠰᠤᠯ》 ᠡᠬᠦᠰᠦᠭᠰᠡᠨ ᠤ ᠳᠠᠷᠠᠭᠠᠬᠢ ᠤᠯᠤᠰ ᠲᠠᠶᠠᠭᠠᠷ ᠤᠨ ᠳᠠᠶᠢᠨ ᠢ ᠵᠢᠭᠠᠳᠠᠭ᠃ | 14 ᠵᠢᠯ ᠤᠨ ᠶᠠᠫᠤᠨ ᠢ ᠡᠰᠡᠷᠬᠦᠴᠡᠭᠰᠡᠨ ᠳᠠᠶᠢᠨ ᠬᠡᠳᠡᠭ ᠨᠢ 1931 ᠤᠨ ᠤ 《9 ᠰᠠᠷᠠ ᠶᠢᠨ 18 ᠬᠡᠷᠡᠭ ᠬᠤᠪᠢᠰᠤᠯ》 | ᠡᠬᠦᠰᠦᠭᠰᠡᠨ ᠤ ᠳᠠᠷᠠᠭᠠᠬᠢ ᠳᠠᠶᠢᠨ ᠡᠴᠡ ᠡᠬᠢᠯᠡᠵᠤ ᠳᠤᠭᠠᠴᠠᠭᠰᠠᠨ ᠪᠠᠶᠢᠵᠤ᠂ ᠵᠠᠷᠢᠮ ᠭᠠᠵᠠᠷ ᠤᠷᠤᠨ ᠤ ᠳᠠᠶᠢᠨ ᠪᠤᠯᠤᠨ ᠤᠯᠤᠰ | ᠲᠠᠶᠠᠭᠠᠷ ᠤᠨ ᠳᠠᠶᠢᠨ ᠢ ᠪᠦᠬᠦᠨ ᠢ ᠪᠠᠭᠳᠠᠭᠠᠵᠠᠢ᠃ | ᠰᠤᠷᠭᠠᠨ ᠬᠦᠮᠦᠵᠢᠯ ᠤᠨ ᠶᠠᠮᠤᠨ ᠤ ᠬᠢᠨ ᠢᠯᠡᠷᠬᠡᠶᠢᠯᠡᠬᠦ ᠳ᠋ᠡᠬᠡᠨ᠂ ᠵᠢᠭᠠᠬᠤ ᠮᠠᠲ᠋ᠧᠷᠢᠶᠠᠯ ᠳᠤ ᠡᠶᠢᠨᠬᠦ ᠦᠬᠡᠷᠡᠴᠢᠯᠡᠯᠳᠡ ᠬᠢᠬᠦ ᠨᠢ | ᠶᠠᠫᠤᠨ ᠢ ᠡᠰᠡᠷᠬᠦᠴᠡᠭᠰᠡᠨ ᠳᠠᠶᠢᠨ ᠤ ᠡᠮᠦᠨᠡ ᠬᠤᠶᠢᠨᠠᠬᠢ ᠳᠡᠤᠬᠡᠨ ᠶᠠᠪᠤᠴᠠ ᠶᠢ ᠪᠦᠬᠦᠯᠢ ᠴᠤᠭᠴᠠ ᠳᠤ ᠨᠢ ᠬᠠᠷᠠᠭᠠᠯᠵᠠᠭᠰᠠᠨ ᠶᠠᠪᠤᠳᠠᠯ᠂ | ᠮᠦᠨ ᠴᠤ ᠳᠦᠪ ᠡᠴᠡ ᠳᠤᠮᠳᠠᠳᠤ ᠤᠯᠤᠰ ᠤᠨ ᠶᠠᠫᠤᠨ ᠢ ᠡᠰᠡᠷᠬᠦᠴᠡᠭᠰᠡᠨ ᠳᠠᠶᠢᠨ ᠢᠯᠠᠯᠳᠠ ᠤᠯᠤᠭᠰᠠᠨ ᠵᠢᠴᠢ ᠳᠡᠯᠡᠬᠡᠢ ᠶᠢᠨ ᠹᠠᠱᠢᠰ ᠢ | ᠡᠰᠡᠷᠬᠦᠴᠡᠬᠦ ᠳᠠᠶᠢᠨ ᠢᠯᠠᠯᠳᠠ ᠤᠯᠤᠭᠰᠠᠨ 70 ᠵᠢᠯ ᠤᠨ ᠤᠢ ᠶᠢ ᠳᠤᠷᠠᠰᠬᠠᠨ ᠳᠡᠮᠳᠡᠭᠯᠡᠭᠰᠡᠨ ᠤ ᠵᠤᠷᠢᠭ ᠰᠠᠨᠠᠭᠠ ᠶᠢ ᠳᠤᠤᠱᠯᠠᠭᠤᠯᠵᠤ᠂ | ᠡᠬᠡ ᠤᠷᠤᠨᠴᠢ ᠬᠦᠮᠦᠵᠢᠯ ᠢ ᠴᠢᠩᠭᠠᠳᠬᠠᠬᠤ ᠶᠢᠨ ᠳᠤᠰᠠᠳᠠ ᠶᠤᠮ᠃ ᠵᠢᠭᠠᠬᠤ ᠮᠠᠲ᠋ᠧᠷᠢᠶᠠᠯ ᠤᠨ ᠦᠬᠡᠷᠡᠴᠢᠯᠡᠯᠳᠡ ᠳᠤ ᠶᠡᠬᠡ ᠳᠤᠮᠳᠠᠳᠤ | ᠪᠠᠭᠠ ᠰᠤᠷᠭᠠᠭᠤᠯᠢ ᠶᠢᠨ ᠬᠡᠰᠡᠭ᠂ ᠬᠤᠯᠪᠤᠭᠳᠠᠬᠤ ᠪᠦᠬᠦ ᠬᠢᠴᠢᠶᠡᠯ ᠳᠦᠷᠦᠯ᠂ ᠤᠯᠤᠰ ᠤᠨ ᠬᠢᠴᠢᠶᠡᠯ ᠳᠦᠷᠦᠯ ᠪᠤᠯᠤᠨ ᠤᠷᠤᠨ | ᠨᠤᠳᠤᠭ ᠤᠨ ᠬᠢᠴᠢᠶᠡᠯ ᠳᠦᠷᠦᠯ ᠤᠨ ᠵᠢᠭᠠᠬᠤ ᠮᠠᠲ᠋ᠧᠷᠢᠶᠠᠯ ᠪᠦᠬᠦᠨ ᠢᠶᠡᠷ ᠢᠶᠡᠨ ᠪᠠᠭᠳᠠᠨᠠ ᠬᠡᠵᠡᠢ᠃ | |