ᠰᠢᠨᠬᠤᠧᠠ ᠬᠤᠷᠢᠶᠠ ᠪᠡᠬᠡᠵᠢᠩ ᠤᠨ 1 ᠰᠠᠷᠠ ᠶᠢᠨ 12 ᠡᠳᠦᠷ ᠤᠨ ᠴᠠᠬᠢᠯᠭᠠᠨ ᠮᠡᠳᠡᠬᠡ (ᠰᠤᠷᠪᠤᠯᠵᠢᠯᠠᠭᠴᠢ ᠡᠾᠧ | ᠰᠢᠶᠤᠤ ᠶᠤᠧᠠᠨ᠂ ᠯᠢᠨ ᠡᠾᠦ᠋ᠢ) 2017 ᠤᠨ ᠤ ᠴᠠᠭᠠᠨ ᠰᠠᠷᠠ ᠶᠢᠨ ᠳᠡᠬᠡᠬᠡᠪᠦᠷᠢ ᠶᠢᠨ ᠬᠤᠭᠤᠴᠠᠭᠠᠨ ᠳᠤ ᠤᠯᠤᠰ ᠲᠠᠶᠠᠭᠠᠷ ᠤᠨ | ᠵᠤᠷᠴᠢᠭᠴᠢ ᠳᠠᠪᠬᠤᠷᠳᠠᠭᠰᠠᠨ ᠳᠤᠭᠠ ᠪᠡᠷ ᠪᠠᠷᠤᠭ 29.78 ᠳ᠋ᠦᠩᠰᠢᠭᠤᠷ ᠬᠦᠷᠴᠤ᠂ ᠦᠩᠬᠡᠷᠡᠭᠰᠡᠨ ᠵᠢᠯ ᠤᠨ ᠬᠢ ᠡᠴᠡ | 2.2% ᠨᠡᠮᠡᠭᠳᠡᠨᠡ ᠬᠡᠵᠤ ᠤᠯᠤᠰ ᠤᠨ ᠬᠦᠭᠵᠢᠬᠦᠯᠦᠯᠳᠡ ᠦᠬᠡᠷᠡᠴᠢᠯᠡᠯᠳᠡ ᠶᠢᠨ ᠵᠦᠪᠯᠡᠯ ᠤᠨ ᠦᠬᠦᠯᠡᠭᠴᠢ ᠵᠤᠤ ᠴᠧᠨ ᠰᠢᠨ | 12 ᠡᠳᠦᠷ ᠵᠠᠷᠯᠠᠵᠠᠢ᠃ | ᠡᠬᠦᠨ ᠳᠤ ᠠᠦ᠋ᠲ᠋ᠤ ᠵᠠᠮ ᠢᠶᠡᠷ ᠵᠤᠷᠴᠢᠭᠴᠢ ᠳᠠᠪᠬᠤᠷᠳᠠᠭᠰᠠᠨ ᠳᠤᠭᠠ ᠪᠡᠷ 25.2 ᠳ᠋ᠦᠩᠰᠢᠭᠤᠷ ᠪᠤᠶᠤ 1% ᠶ᠋ᠢᠨ | ᠨᠡᠮᠡᠭᠳᠡᠯ ᠲᠠᠢ᠂ ᠳᠡᠮᠦᠷ ᠵᠠᠮ ᠢᠶᠡᠷ ᠵᠤᠷᠴᠢᠭᠴᠢ ᠳᠠᠪᠬᠤᠷᠳᠠᠭᠰᠠᠨ ᠳᠤᠭᠠ ᠪᠡᠷ 3.56 ᠳ᠋ᠦᠩᠰᠢᠭᠤᠷ ᠪᠤᠶᠤ 9.7% ᠶ᠋ᠢᠨ ᠨᠡᠮᠡᠭᠳᠡᠯ ᠲᠠᠢ᠂ | ᠢᠷᠬᠡᠨ ᠤ ᠠᠭᠠᠷ ᠠᠶᠠᠯᠠᠯ ᠢᠶᠡᠷ ᠵᠤᠷᠴᠢᠭᠴᠢ ᠳᠠᠪᠬᠤᠷᠳᠠᠭᠰᠠᠨ ᠳᠤᠭᠠ ᠪᠡᠷ 5830 ᠳᠦᠮᠡ ᠪᠤᠶᠤ 10% ᠶ᠋ᠢᠨ ᠨᠡᠮᠡᠭᠳᠡᠯ ᠲᠠᠢ᠂ | ᠳᠠᠯᠠᠢ ᠪᠡᠷ ᠵᠤᠷᠴᠢᠭᠴᠢ ᠳᠠᠪᠬᠤᠷᠳᠠᠭᠰᠠᠨ ᠳᠤᠭᠠ ᠪᠡᠷ 4350 ᠳᠦᠮᠡ ᠪᠤᠶᠤ 2% ᠶ᠋ᠢᠨ ᠨᠡᠮᠡᠭᠳᠡᠯ ᠲᠠᠢ᠃ | ᠴᠠᠭᠠᠨ ᠰᠠᠷᠠ ᠶᠢᠨ ᠳᠡᠬᠡᠬᠡᠪᠦᠷᠢ ᠶᠢᠨ ᠬᠤᠭᠤᠴᠠᠭᠠ ᠨᠢ 1 ᠰᠠᠷᠠ ᠶᠢᠨ 13 ᠡᠳᠦᠷ ᠡᠴᠡ 2 ᠰᠠᠷᠠ ᠶᠢᠨ 21 ᠡᠳᠦᠷ | ᠪᠤᠯᠳᠠᠯᠠ 40 ᠡᠳᠦᠷ ᠦᠷᠬᠦᠯᠵᠢᠯᠡᠨᠡ᠃ ᠴᠠᠭ ᠠᠭᠠᠷ ᠤᠨ ᠳᠠᠯᠠ ᠪᠡᠷ ᠳᠤᠭᠳᠠᠪᠤᠷᠢ ᠦᠬᠡᠢ᠂ ᠬᠡᠰᠡᠭ ᠭᠠᠵᠠᠷ ᠤᠷᠤᠨ ᠳᠤ ᠴᠠᠰᠤ | ᠪᠤᠷᠤᠭᠠᠨ ᠤᠷᠤᠵᠤ᠂ ᠵᠠᠷᠢᠮ ᠭᠠᠵᠠᠷ ᠮᠠᠨᠠᠨ ᠶᠡᠬᠡᠳᠡᠢ ᠪᠤᠯᠬᠤᠷ ᠠᠶᠠᠯᠠᠯ ᠳᠤ ᠬᠠᠷᠰᠢᠯᠠᠵᠤ ᠮᠡᠳᠡᠨᠡ᠃ ᠤᠳᠤᠬᠠᠨ ᠤ ᠪᠠᠶᠢᠳᠠᠯ ᠢᠶᠡᠷ᠂ | ᠳᠡᠬᠡᠬᠡᠪᠦᠷᠢ ᠶᠢᠨ ᠪᠦᠬᠦ ᠪᠡᠯᠡᠳᠬᠡᠯ ᠠᠵᠢᠯ ᠪᠡᠯᠡᠨ ᠪᠤᠯᠤᠭᠠᠳ ᠪᠠᠶᠢᠨᠠ᠃ | |