| | 2017 2 17 | | | | | | | | | | 48000 | | | | ᠡᠷᠬᠢᠯᠡᠭᠴᠢ ᠡᠮᠴᠢ᠂ ᠤᠯᠣᠰ ᠤᠨ | ᠲᠡᠰ ᠦᠨ ᠵᠠᠯᠭᠠᠮᠵᠢᠯᠠᠭᠴᠢ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠣᠳᠠᠰ ᠤᠨ ᠪᠤᠰᠤ ᠰᠣᠶᠤᠯ ᠤᠨ | ᠦᠨ ᠰᠤᠳᠤᠯᠭᠠᠨ ᠤ ᠲᠥᠪ ︽ ᠮᠣᠩᠭᠤᠯ ᠡᠮ ᠡᠮᠨᠡᠯᠭᠡ︾ ᠲᠥᠯᠦᠭᠡᠯᠡᠬᠦ ᠴᠢᠨᠠᠷᠲᠠᠢ ᠤᠯᠠᠮᠵᠢᠯᠠᠭᠴᠢ᠂ ᠠᠯᠳᠠᠷᠲᠦ | ᠮᠣᠩᠭᠤᠯ ᠡᠮᠴᠢ ᠰᠣᠳᠨᠠᠮᠰᠡᠷᠡᠭ ᠤᠨ ᠠᠷᠪᠠᠨ ᠨᠢᠭᠡᠳᠦᠭᠡᠷ ᠦᠶᠡ ᠶᠢᠨ ᠵᠠᠯᠭᠠᠮᠵᠢᠯᠠᠭᠴᠢ ᠪᠣᠯᠤᠨᠠᠣᠳᠣ ᠣᠷᠳᠣᠰ ᠬᠣᠲᠠ ᠶᠢᠨ | ᠮᠣᠩᠭᠤᠯ ᠡᠮᠨᠡᠯᠭᠡ ᠶᠢᠨ ᠬᠣᠷᠢᠶᠠᠨ ᠤ ᠳᠡᠳ᠋ ᠬᠣᠷᠢᠶᠠᠨ ᠳᠠᠷᠤᠭᠠ᠂ ᠣᠷᠳᠣᠰ ᠬᠣᠲᠠ ᠶᠢᠨ ᠮᠣᠩᠭᠤᠯ ᠡᠮ ᠡᠮᠨᠡᠯᠭᠡ ᠶᠢᠨ ᠰᠤᠳᠤᠯᠬᠤ | ᠭᠠᠵᠠᠷ ᠤᠨ ᠳᠡᠳ᠋ ᠡᠷᠬᠢᠯᠡᠭᠴᠢ ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠯᠠᠨ ᠤᠯᠣᠰ ᠤᠨ ᠡᠮᠨᠡᠯᠭᠡ ᠶᠢᠨ | ᠬᠣᠷᠢᠶᠠᠨ ᠤ ᠣᠨᠴᠠ ᠤᠷᠢᠭᠰᠠᠨ ᠡᠯᠢᠭᠡᠨ ᠡᠪᠡᠳᠴᠢᠨ ᠦ ᠲᠤᠰᠬᠠᠢ ᠮᠡᠷᠭᠡᠵᠢᠯᠲᠡᠨ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠡᠮᠨᠡᠯᠭᠡ ᠶᠢᠨ ᠬᠣᠷᠢᠶᠠᠨ ᠤ ᠣᠨᠴᠠ ᠤᠷᠢᠭᠰᠠᠨ ᠡᠯᠢᠭᠡᠨ ᠡᠪᠡᠳᠴᠢᠨ ᠦ ᠲᠤᠰᠬᠠᠢ | ᠮᠡᠷᠭᠡᠵᠢᠯᠲᠡᠨ᠃ ᠲᠣᠰ ᠬᠥᠮᠦᠨ ᠥᠩᠭᠡᠷᠡᠭᠰᠡᠨ ᠳᠤ ︽ ᠪᠥᠬᠦ ᠤᠯᠣᠰ ᠤᠨ ᠡᠮ ᠡᠮᠨᠡᠯᠭᠡ ᠡᠷᠡᠭᠦᠯ ᠬᠠᠮᠠᠭᠠᠯᠠᠯ ᠤᠨ | ︾᠂ ︽ ᠳᠡᠯᠡᠬᠡᠢ ᠶᠢᠨ ᠤᠯᠠᠮᠵᠢᠯᠠᠯᠲᠤ ᠠᠨᠠᠭᠠᠬᠤ ᠤᠬᠠᠭᠠᠨ ᠤ ᠨᠠᠰᠤᠨ ᠦᠷᠡ ᠱᠠᠩᠨᠠᠯ︾ | ᠂ ︽ ᠪᠥᠬᠦ ᠣᠷᠣᠨ ᠤ ᠦᠨᠳᠤᠰᠤᠲᠠᠨ ᠤ ᠪᠥᠯᠬᠦᠮᠳᠡᠯ ︾᠂ ᠥᠪᠡᠷᠲᠡᠭᠡᠨ ᠵᠠᠰᠠᠬᠤ ᠣᠷᠣᠨ ᠤ | ︽ᠲᠣᠪᠤᠶᠢᠮᠠ ᠬᠤᠪᠢ ᠲᠤᠰᠬᠠᠢ ᠮᠡᠷᠭᠡᠵᠢᠯᠲᠡᠨ︾᠂ ︽ ᠲᠠᠯᠠ ᠨᠤᠲᠤᠭ ᠤᠨ ᠴᠢᠳᠠᠪᠤᠷᠢᠲᠡᠨ︾᠂ ︽ ᠠᠩᠬᠠᠳᠤᠭᠠᠷ | ᠬᠤᠭᠤᠴᠠᠭᠠᠨ ᠤ ᠦᠨᠳᠦᠰᠦᠨ ᠱᠠᠲᠤᠨ ᠤ ᠨᠡᠷᠡᠲᠦ ᠮᠣᠩᠭᠤᠯ ᠡᠮᠴᠢ︾ ᠂ ︽5.1︾ ᠬᠥᠳᠡᠯᠮᠤᠷᠢᠴᠢᠳ ᠤᠨ ᠬᠦᠷᠲᠡᠭᠴᠢ | ᠵᠡᠷᠭᠡ ᠢᠷᠠᠭᠤ ᠠᠯᠳᠠᠷ ᠢ ᠃ | ᠳᠤᠮᠳᠠᠲᠦ ᠤᠯᠣᠰ ᠤᠨ ᠬᠢᠲᠠᠳ ᠡᠮ ᠡᠮᠨᠡᠯᠭᠡ ᠶᠢᠨ ᠨᠡᠶᠢᠭᠡᠮᠯᠢᠭ ᠦᠨ ᠣᠨᠴᠠ ᠲᠡᠰ ᠦᠨ ᠡᠷᠡᠭᠦᠯ ᠬᠠᠮᠠᠭᠠᠯᠠᠯ ᠤᠨ | ᠲᠤᠰᠬᠠᠢ ᠮᠡᠷᠭᠡᠵᠢᠯᠲᠡᠨ᠂ ᠳᠤᠮᠳᠠᠲᠦ ᠤᠯᠣᠰ ᠤᠨ ᠬᠢᠲᠠᠳ ᠡᠮ ᠡᠮᠨᠡᠯᠭᠡ ᠶᠢᠨ ᠨᠡᠶᠢᠭᠡᠮᠯᠢᠭ ᠦᠨ ᠡᠯᠢᠭᠡᠨ ᠡᠪᠡᠳᠴᠢᠨ ᠦ ᠲᠤᠰᠬᠠᠢ | ᠮᠡᠷᠭᠡᠵᠢᠯᠲᠡᠨ ᠦ ᠨᠡᠶᠢᠭᠡᠮᠯᠢᠭ ᠦᠨ ᠭᠡᠰᠢᠭᠦᠨ᠂ ᠵᠢᠷᠭᠤᠳᠤᠭᠠᠷ ᠬᠤᠭᠤᠴᠠᠭᠠᠨ ᠤ ᠵᠠᠯᠠᠭᠤᠴᠤᠳ ᠤᠨ ᠰᠢᠨᠵᠢᠯᠡᠭᠡᠨ ᠦ ᠨᠡᠶᠢᠭᠡᠮᠯᠢᠭ ᠦᠨ | ᠠᠮᠢᠲᠦ ᠪᠤᠳᠠᠰ ᠪᠣᠯᠦᠨ ᠡᠮ ᠡᠮᠨᠡᠯᠭᠡ ᠶᠢᠨ ᠲᠤᠰᠬᠠᠢ ᠮᠡᠷᠭᠡᠵᠢᠯ ᠦᠨ ᠨᠡᠶᠢᠭᠡᠮᠯᠢᠭ ᠦᠨ ᠭᠡᠰᠢᠭᠦᠨ᠂ ᠳᠤᠮᠳᠠᠲᠦ ᠤᠯᠤᠰ ᠤᠨ | ᠦᠨᠳᠦᠰᠦᠲᠡᠨ ᠦ ᠡᠮ ᠡᠮᠨᠡᠯᠭᠡ ᠶᠢᠨ ᠨᠡᠶᠢᠭᠡᠮᠯᠢᠭ ᠦᠨ ᠮᠣᠩᠭᠤᠯ ᠡᠮ ᠡᠮᠨᠡᠯᠭᠡ ᠶᠢᠨ ᠬᠤᠪᠢᠶᠠᠷᠢ ᠨᠡᠶᠢᠭᠡᠮᠯᠢᠭ ᠦᠨ ᠬᠡᠷᠡᠭ ᠡᠷᠬᠢᠯᠡᠭᠴᠢ᠂ | ᠠᠷᠪᠠᠨ ᠨᠢᠭᠡᠳᠦᠭᠡᠷ ᠪᠠ ᠠᠷᠪᠠᠨ ᠬᠣᠶᠠᠳᠤᠭᠠᠷ ᠬᠤᠭᠤᠴᠠᠭᠠᠨ ᠤ ᠪᠥᠬᠦ ᠤᠯᠤᠰ ᠤᠨ ᠵᠠᠯᠠᠭᠤᠴᠤᠳ ᠤᠨ ᠬᠣᠯᠪᠤᠭᠠᠨ ᠤ ᠬᠡᠰᠢᠭᠦᠨ᠂ | ᠠᠷᠪᠠ᠂ ᠠᠷᠪᠠᠨ ᠨᠢᠭᠡᠳᠦᠭᠡᠷ ᠪᠠ ᠠᠷᠪᠠᠨ ᠬᠣᠶᠠᠳᠤᠭᠠᠷ ᠬᠤᠭᠤᠴᠠᠭᠠᠨ ᠤ ᠥᠪᠡᠷᠲᠡᠭᠡᠨ ᠵᠠᠰᠠᠬᠤ ᠣᠷᠣᠨ ᠤ ᠵᠠᠯᠠᠭᠤᠴᠤᠳ ᠤᠨ | ᠬᠣᠯᠪᠤᠭᠠᠨ ᠤ ᠨᠡᠶᠢᠭᠡᠮᠯᠢᠭ ᠦᠨ ᠭᠡᠰᠢᠭᠦᠨ᠂ ᠪᠠᠶᠢᠩᠭᠤ ᠶᠢᠨ ᠭᠡᠰᠢᠭᠦᠨ ᠵᠡᠷᠭᠡ ᠨᠡᠶᠢᠭᠡᠮ ᠦᠨ ᠡᠭᠦᠷᠭᠡ ᠲᠤᠰᠢᠶᠠᠯ ᠲᠠᠢ᠃ ᠤᠯᠤᠰ ᠤᠨ | ᠲᠡᠰ ᠪᠠ ᠣᠷᠣᠨ ᠤ ᠲᠡᠰ ᠦᠨ ᠰᠤᠳᠤᠯᠭᠠᠨ ᠤ ᠰᠡᠳᠦᠪ ᠳᠥᠷᠪᠡ ᠶᠢ ᠡᠷᠬᠢᠯᠡᠵᠦ᠂ 2 ᠪᠣᠳᠢ ᠲᠤᠰᠬᠠᠢ ᠮᠡᠷᠭᠡᠵᠢᠯ ᠦᠨ ᠨᠣᠮ | ᠲᠤᠭᠤᠷᠪᠢᠨ ᠪᠢᠴᠢᠵᠦ᠂ ᠤᠯᠤᠰ ᠤᠨ ᠲᠡᠰ ᠦᠨ ᠭᠣᠣᠯᠳᠠᠯᠭᠠ ᠲᠠᠢ ᠰᠡᠳᠬᠦᠯ ᠳᠦ 6 ᠦᠭᠦᠯᠡᠯ ᠨᠡᠶᠢᠲᠡᠯᠡᠪᠡ᠃ | ᠣᠨᠴᠠ ᠮᠡᠷᠭᠡᠵᠢᠯ᠄ ᠰᠢᠩᠭᠡᠭᠡᠯᠲᠡ ᠶᠢᠨ ᠦᠨ ᠡᠪᠡᠳᠴᠢᠨ ᠢ ᠣᠨᠤᠰᠢᠯᠠᠨ ᠡᠮᠴᠢᠯᠡᠨᠡ᠃ ᠳᠡᠯᠢᠭᠦᠦ ᠬᠣᠳᠤᠭᠤᠳᠤᠨ | ᠡᠪᠡᠳᠴᠢᠨ᠂ ᠬᠣᠳᠤᠭᠤᠳᠤᠨ ᠬᠣᠣᠷᠠᠲᠦ ᠬᠠᠪᠤᠳᠠᠷ᠂ ᠡᠯᠢᠭᠡᠨ ᠡᠪᠡᠳᠴᠢᠨ᠂ ᠡᠯᠢᠭᠡᠨ ᠪᠣᠷᠦ᠂ ᠡᠯᠢᠭᠡᠨ ᠬᠣᠣᠷᠠᠲᠦ ᠬᠠᠪᠤᠳᠠᠷ ᠪᠠ | ᠤᠳᠠᠭᠠᠨ ᠴᠢᠨᠠᠷᠲᠠᠢ ᠠᠷᠬᠠᠭ ᠵᠡᠷᠭᠡ ᠡᠪᠡᠳᠴᠢᠨ ᠢ ᠣᠨᠤᠰᠢᠯᠠᠨ ᠡᠮᠴᠢᠯᠡᠬᠦ ᠳᠦ ᠣᠨᠴᠠᠭᠠᠢ ᠃ | |