2 ᠰᠠᠷᠠ ᠵᠢᠨ 20 ᠦᠳᠡ ᠵᠢᠨ ᠬᠤᠢᠢᠨᠠ᠂ ᠦᠪᠡᠷᠳᠡᠭᠡᠨ ᠵᠠᠰᠠᠬᠤ ᠤᠷᠤᠨ | ᠬᠤᠷᠢᠶᠠ ᠵᠢᠨ ᠳᠡᠳ᠋ ᠱᠦᠵᠢ᠂ ᠦᠪᠡᠷᠳᠡᠭᠡᠨ ᠵᠠᠰᠠᠬᠤ ᠤᠷᠤᠨ ᠳᠡᠷᠢᠭᠦᠯᠡᠭᠴᠢ ᠪᠦ᠋ ᠰᠢᠶᠤᠤ ᠯᠢᠨ ᠬᠦᠯᠦᠨ ᠪᠤᠢᠢᠷ ᠬᠤᠳᠠ ᠵᠢᠨ | ᠡᠸ᠋ᠡᠩᠬᠢ ᠬᠤᠰᠢᠭᠤᠨ ᠳᠤ ᠬᠦᠷᠴᠤ᠂ ᠶᠠᠳᠠᠭᠤ ᠬᠦᠴᠢᠷᠳᠡᠯᠳᠠᠢ ᠮᠠᠯᠵᠢᠬᠣ ᠡᠷᠦᠬᠡ ᠵᠢ ᠲᠤᠬᠤᠨᠢᠭᠤᠯᠵᠤ᠂ ᠶᠠᠳᠠᠭᠤ ᠡᠴᠡ | ᠠᠩᠬᠢᠵᠢᠷᠡᠭᠤᠯᠬᠤ ᠠᠵᠢᠯ ᠪᠣᠯᠣᠨ ᠤᠷᠤᠯᠭᠠ ᠵᠢ ᠨᠡᠮᠡᠭᠳᠡᠬᠦᠯᠬᠦ ᠠᠵᠢᠯ ᠳᠤᠬᠠᠢ ᠪᠠᠢᠢᠴᠠᠭᠠᠨ ᠰᠤᠳᠤᠯᠪᠠ᠃ | ᠨᠢᠳᠤᠨᠤᠨ ᠡᠸ᠋ᠡᠩᠬᠢ ᠬᠤᠰᠢᠭᠤ ᠭᠠᠩ ᠬᠠᠭᠰᠠᠷᠠᠭᠠᠨ ᠳ᠋ᠦ ᠳᠠᠭᠠᠷᠢᠭᠳᠠᠪᠠ᠂ ᠦᠢᠯᠡᠳᠪᠦᠷᠢᠯᠡᠯ | ᠪᠠᠢᠢᠳᠠᠯ ᠶᠠᠮᠠᠷ ᠪᠠᠢᠢᠭᠠ ᠪᠤᠯ︖ ᠪᠦ᠋ ᠰᠢᠶᠤᠤ ᠯᠢᠨ ᠡᠨᠡ ᠠᠰᠠᠭᠣᠳᠠᠯ ᠳ᠋ᠦ ᠲᠦᠢᠯ ᠵᠢᠡᠷ ᠰᠠᠨᠠᠭᠠᠰᠢᠷᠠᠨᠠ᠃ ᠪᠠᠶᠠᠨᠳᠠᠯᠠ ᠳᠠᠭᠤᠷ | ᠦᠨᠳᠦᠰᠦᠲᠡᠨ ᠰᠢᠶᠠᠩ ᠳ᠋ᠦ᠂ ᠪᠦ᠋ ᠰᠢᠶᠣᠣ ᠯᠢᠨ ᠣᠷᠢᠳ ᠬᠣᠵᠢᠳ ᠳᠠᠭᠣᠷ ᠮᠠᠯᠴᠢᠨ ᠳᠠᠨᠠ ᠵᠢᠨ ᠬᠢᠨ ᠪᠣᠯᠣᠨ ᠡᠸᠡᠩᠬᠢ ᠮᠠᠯᠴᠢᠨ | ᠲᠦ᠋ ᠱᠦ ᠶᠢᠩ ᠬᠢᠨ ᠳᠤ ᠬᠦᠷᠴᠦ᠂ ᠮᠠᠯᠴᠢᠳ ᠳᠠᠢ ᠬᠠᠮᠳᠣ ᠨᠠᠷᠢᠨ ᠳᠠᠩᠰᠠ ᠪᠣᠳᠣᠵᠣ᠂ ᠮᠠᠯᠵᠢᠬᠣ ᠡᠷᠦᠬᠡ ᠵᠢᠨ ᠮᠠᠯ ᠤᠨᠤᠭᠠ | ᠬᠠᠳᠣᠯᠠᠩ ᠪᠡᠯᠴᠢᠭᠡᠷ᠂ ᠨᠢᠳᠤᠨᠤᠨ ᠭᠠᠮᠰᠢᠭᠳᠠᠭᠰᠠᠨ ᠪᠠᠢᠢᠳᠠᠯ ᠪᠣᠯᠣᠨ ᠳᠣᠬᠠᠢ ᠵᠢᠨ ᠭᠠᠩ ᠳᠠᠢ ᠲᠡᠮᠡᠴᠡᠵᠦ | ᠪᠠᠭᠠᠰᠬᠠᠬᠣ ᠠᠷᠭᠠ ᠬᠡᠮᠵᠢᠶᠡ ᠵᠢ ᠨᠠᠢᠢᠳᠠᠪᠣᠷᠢᠵᠢᠭᠣᠯᠣᠭᠰᠠᠨ ᠨᠠᠷᠢᠨ ᠣᠢᠢᠯᠠᠭᠠᠵᠣ᠂ ᠡᠪᠡᠰᠦ ᠪᠣᠷᠳᠣᠭᠠ ᠵᠢᠨ | ᠪᠡᠯᠡᠳᠭᠡᠯ ᠭᠦᠢᠴᠡᠳ ᠡᠰᠡᠬᠦ᠂ ᠡᠯᠡ ᠵᠦᠢᠯ ᠨᠦᠬᠦᠪᠦᠷᠢ ᠵᠢ ᠴᠠᠭᠳᠣᠬᠠᠢ ᠳ᠋ᠣᠨᠢ ᠨᠠᠢᠢᠳᠠᠪᠣᠷᠢᠵᠢᠭᠣᠯᠣᠭᠰᠠᠨ ᠡᠰᠡᠬᠦ᠂ ᠪᠠᠩᠬᠢ ᠵᠢᠨ | ᠵᠢᠭᠡᠯᠡᠯᠭᠡ ᠵᠢᠨ ᠬᠦᠦ ᠮᠦᠩᠭᠦ ᠦᠨᠳᠦᠷ ᠡᠰᠡᠬᠦ ᠵᠡᠷᠭᠡ ᠯᠠᠪᠯᠠᠨ ᠠᠰᠠᠭᠣᠪᠠ᠃ | | | 70 | | ᠳᠣᠰ ᠪᠡᠶᠡ ᠵᠢᠨ ᠬᠢᠨᠢ ᠰᠤᠶᠤᠯ ᠲᠦᠪᠰᠢᠨ ᠲᠤᠤᠷᠠ ᠮᠦᠷᠲᠡᠭᠡᠨ ᠡᠷᠭᠢᠨ ᠳᠣᠭᠣᠷᠢᠨ ᠬᠢᠨᠢ ᠪᠤᠰᠤᠳᠴᠢ ᠰᠢᠯᠳᠠᠭᠠᠨ | ᠬᠢᠵᠠᠭᠠᠷᠯᠠᠯ ᠡᠴᠡ ᠪᠤᠯᠵᠤ᠂ ᠵᠠᠷᠢᠮ ᠮᠠᠯᠴᠢᠨ ᠣᠷᠣᠯᠭᠠ ᠪᠠᠨ ᠨᠡᠮᠡᠭᠳᠡᠭᠦᠯᠦᠨ ᠪᠠᠶᠠᠵᠢᠨ ᠴᠢᠨᠡᠭᠡᠯᠢᠭᠵᠢᠬᠦ ᠳ᠋ᠦ ᠬᠦᠴᠢᠷ ᠪᠠᠢᠢᠭᠠ | ᠣᠢᠢᠯᠠᠭᠠᠭᠰᠠᠨ ᠳᠠᠷᠠᠭᠠ᠂ ᠪᠦ᠋ ᠰᠢᠶᠤᠤ ᠯᠢᠨ ᠲᠤᠬᠠᠢ ᠵᠢᠨ ᠭᠠᠵᠠᠷ ᠡᠯᠡ ᠱᠠᠳᠤᠨ ᠺᠠᠳ᠋ᠷᠴᠤᠳ ᠲᠦ ᠵᠠᠬᠢᠭᠰᠠᠨ | ᠨᠢ ᠂ ᠠᠰᠠᠭᠤᠳᠠᠯ ᠤᠬᠠᠮᠰᠠᠷ ᠪᠤᠢ ᠪᠤᠯᠭᠠᠵᠣ ᠂ ᠵᠣᠬᠢᠴᠠᠯᠳᠤᠭᠰᠡᠨ ᠬᠠᠪᠰᠣᠷᠣᠨ ᠳᠡᠳᠭᠦᠬᠦ ᠲᠦᠷᠦ ᠵᠢᠨ ᠪᠤᠳᠤᠯᠭᠠ | ᠳᠣᠭᠳᠠᠭᠠᠵᠣ᠂ ᠤᠪᠤᠷ ᠰᠤᠷᠳᠠᠯ ᠰᠠᠢᠢᠨ᠂ ᠰᠠᠬᠢᠯᠭᠠ ᠪᠠᠳᠤ ᠴᠢᠩᠭᠠ ᠬᠢᠨᠠᠨ ᠪᠤᠳᠤᠬᠤ ᠡᠩᠨᠡᠭᠡ ᠵᠢ ᠪᠠᠢᠢᠭᠤᠯᠵᠤ᠂ ᠠᠵᠤ ᠠᠬᠤᠢ ᠨᠡᠢᠢᠬᠡᠮ | ᠬᠦᠭᠵᠢᠯᠳᠡ ᠵᠢᠨ︽ᠬᠦᠨᠳᠦ ᠵᠡᠪᠰᠡᠭ︾ ᠪᠣᠯᠣᠨ ᠢᠯᠵᠠᠷᠠᠯ ᠡᠰᠡᠷᠭᠦᠴᠡᠨ ᠠᠷᠢᠭᠤᠨ ᠴᠢᠭᠡᠴᠢ ᠵᠢ ᠡᠷᠬᠢᠮᠯᠡᠬᠦ ︽ᠬᠤᠷᠴᠠ | ᠰᠠᠯᠡᠮᠡ︾ ᠪᠤᠯᠭᠠᠵᠤ᠂ ᠮᠠᠨ ᠤᠷᠤᠨ ᠬᠢᠨᠠᠨ ᠪᠤᠳᠤᠬᠤ ᠴᠢᠨᠠᠷ ᠴᠢᠨᠰᠠᠭᠠ ᠵᠢ ᠪᠦᠬᠦ ᠳᠠᠯᠠ ᠪᠡᠷ ᠳᠡᠭᠡᠭᠰᠢᠯᠡᠭᠦᠯᠦᠨ᠂ | ᠰᠢᠯᠢᠳᠡᠭ ᠠᠮᠵᠢᠯᠳᠠ ᠪᠡᠷ ᠵᠢᠡᠨ ᠨᠠᠮ ᠠᠷᠪᠠ ᠶᠢᠰᠦᠳᠦᠭᠡᠷ ᠶᠡᠭᠡ ᠠᠮᠵᠢᠯᠳᠠ ᠳᠠᠢ ᠬᠤᠷᠠᠯᠳᠤᠬᠤ ᠵᠢ ᠤᠭᠳᠤᠬᠣ᠂ | ᠦᠪᠡᠷᠳᠡᠭᠡᠨ ᠵᠠᠰᠠᠬᠤ ᠤᠷᠤᠨ ᠪᠠᠢᠢᠭᠤᠯᠤᠭᠳᠠᠭᠰᠠᠨ 70 ᠤᠢ ᠵᠢ ᠪᠡᠯᠭᠡᠯᠡᠬᠦ ᠵᠢ ᠬᠦᠰᠡᠵᠦ ᠪᠠᠢᠢᠨᠠ ᠭᠡᠪᠡ᠃ | | |