ᠰᠢᠨᠬᠤᠧᠠ ᠬᠤᠷᠢᠶᠠ ᠬᠦᠬᠡᠬᠤᠳᠠ ᠶᠢᠨ 2 ᠰᠠᠷᠠ ᠶᠢᠨ 22 ᠤᠨ ᠡᠳᠦᠷ ᠤᠨ ᠴᠠᠬᠢᠯᠭᠠᠨ ᠮᠡᠳᠡᠬᠡ (ᠰᠤᠷᠪᠤᠯᠵᠢᠯᠠᠭᠴᠢ ᠸᠠᠩ | ᠵᠢᠩ᠂ ᠵᠠᠩ ᠯᠢ ᠨᠠ) 21 ᠦᠳᠡ ᠶᠢᠨ ᠡᠮᠦᠨᠡᠬᠢ 09᠄20 ᠴᠠᠭ ᠤᠨ ᠦᠶᠡ ᠪᠡᠷ᠂ ᠦᠪᠦᠷ ᠮᠤᠩᠭᠤᠯ ᠤᠨ ᠠᠯᠠᠱᠠ ᠠᠶᠢᠮᠠᠭ ᠤᠨ | ᠳᠡᠭᠷᠢ ᠡᠳ᠋ ᠤᠨ ᠵᠠᠰᠠᠭ ᠲᠧᠭᠨᠤᠯᠤᠬᠢ ᠶᠢᠨ ᠨᠡᠬᠡᠬᠡᠯᠳᠡ ᠲᠠᠢ ᠪᠦᠰᠡ ᠳᠤ ᠪᠠᠶᠢᠷᠢᠯᠠᠬᠤ ᠯᠢ ᠱᠢᠨ ᠬᠢᠮᠢ ᠶᠢᠨ ᠠᠵᠤ ᠦᠢᠯᠡᠳᠪᠦᠷᠢ ᠶᠢᠨ | ᠬᠢᠵᠠᠭᠠᠷᠳᠤ ᠺᠤᠮᠫᠠᠨᠢ ᠳᠤ ᠤᠷᠪᠠᠯ ᠤᠨ ᠴᠦᠤᠪᠤᠩᠬᠦ ᠳᠡᠯᠪᠡᠷᠡᠭᠰᠡᠨ ᠤᠰᠤᠯ ᠡᠬᠦᠰᠴᠠᠢ᠃ ᠤᠳᠤᠬᠠᠨ ᠳᠤ 2 ᠬᠦᠮᠦᠨ ᠡᠨᠳᠡᠵᠤ᠂ 4 ᠬᠦᠮᠦᠨ | ᠰᠢᠷᠬᠠᠳᠤᠨ 1 ᠬᠦᠮᠦᠨ ᠤ ᠬᠢᠨᠢ ᠰᠢᠷᠬᠠ ᠮᠠᠰᠢ ᠬᠦᠨᠳᠦᠬᠦᠷᠢ ᠲᠠᠢ ᠪᠠᠶᠢᠨᠠ᠃ | | ᠰᠤᠷᠪᠤᠯᠵᠢᠯᠠᠭᠴᠢ ᠶᠢᠨ ᠤᠶᠢᠯᠠᠭᠠᠭᠰᠠᠨ ᠢᠶᠡᠷ᠂ ᠤᠰᠤᠯ ᠡᠬᠦᠰᠦᠭᠰᠡᠨ ᠤ ᠳᠠᠷᠠᠭᠠ ᠠᠯᠠᠱᠠ ᠠᠶᠢᠮᠠᠭ ᠤᠨ ᠵᠠᠬᠢᠷᠭᠠ ᠡᠴᠡ ᠵᠠᠷᠯᠢᠭ | ᠤᠯᠠᠮᠵᠢᠯᠠᠨ ᠤᠭ ᠠᠵᠤ ᠠᠬᠤᠶᠢᠯᠠᠯ ᠤᠨ ᠠᠵᠢᠯ ᠬᠡᠷᠡᠭ ᠢ ᠵᠤᠭᠰᠤᠭᠠᠵᠤ᠂ ᠬᠠᠷᠢᠭᠤᠴᠠᠯᠭᠠᠳᠠᠨ ᠢ ᠨᠢ ᠰᠠᠭᠠᠳᠠᠭᠤᠯᠤᠭᠰᠠᠨ ᠪᠠᠶᠢᠨᠠ᠃ ᠭᠠᠯ | ᠰᠡᠷᠬᠡᠶᠢᠯᠡᠯᠳᠡ ᠶᠢᠨ ᠠᠯᠪᠠᠨ ᠤ ᠬᠢᠨᠢ ᠭᠠᠵᠠᠷ ᠳᠡᠬᠡᠷᠡ ᠨᠢ ᠤᠰᠤᠯ ᠢ ᠂ ᠪᠠᠶᠢᠭᠠᠯᠢ ᠤᠷᠴᠢᠨ ᠤ ᠬᠠᠮᠠᠭᠠᠯᠠᠯᠳᠠ ᠶᠢᠨ | ᠪᠠᠶᠢᠭᠤᠯᠤᠯᠭᠠ ᠡᠴᠡ ᠳᠡᠷᠡ ᠳᠠᠷᠤᠢ ᠠᠶᠤᠯᠬᠦᠢ ᠶᠢᠨ ᠬᠢᠨᠠᠨ ᠰᠢᠯᠭᠠᠯᠳᠠ ᠬᠢᠭᠰᠡᠨ ᠪᠠ ᠡᠷᠡᠬᠦᠯ ᠮᠡᠨᠳᠦ ᠶᠢᠨ ᠪᠠᠶᠢᠭᠤᠯᠤᠯᠭᠠ ᠶᠢᠨ ᠬᠢᠨ | ᠠᠪᠤᠷᠠᠨ ᠳᠤᠰᠠᠯᠠᠬᠤ ᠠᠵᠢᠯ ᠳᠤ ᠭᠠᠪᠱᠠᠭᠠᠶᠢᠯᠠᠵᠤ᠂ ᠠᠶᠤᠯᠬᠦᠢ ᠶᠢᠨ ᠬᠢᠨᠠᠨ ᠬᠠᠮᠢᠶᠠᠷᠤᠯᠳᠠ ᠶᠢᠨ ᠪᠠᠶᠢᠭᠤᠯᠤᠯᠭᠠ ᠨᠢ ᠮᠡᠷᠬᠡᠵᠢᠯᠳᠡᠳ ᠤᠨ | ᠤᠷᠤᠯᠴᠠᠭᠠ ᠲᠠᠢ ᠪᠡᠷ ᠤᠰᠤᠯ ᠤᠨ ᠰᠢᠯᠳᠠᠭᠠᠨ ᠢ ᠪᠠᠶᠢᠴᠠᠭᠠᠵᠤ ᠡᠬᠢᠯᠡᠭᠰᠡᠨ ᠪᠠᠶᠢᠨᠠ᠃ | |