ᠲᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠠᠴᠠ ᠡᠷᠭᠢᠯᠡᠭᠰᠡᠨ SELF ᠶᠠᠷᠢᠶᠠᠨ ᠤ ᠲᠠᠪᠴᠠᠩ ᠲᠡᠭᠡᠷᠡᠬᠢ | ᠼᠠᠢ ᠼᠦᠩ ᠤᠨ 10 ᠮᠢᠨᠦ᠋ᠲ ᠤᠨ ᠶᠠᠷᠢᠶᠠ ᠢᠯᠡᠳᠭᠡᠯ ᠨᠢ ᠰᠤᠨᠤᠰᠤᠬᠴᠢᠳ ᠤᠨ ᠰᠡᠳᠬᠢᠯ ᠤᠨ ᠬᠦᠪᠴᠢ ᠶᠢ ᠴᠢᠪᠬᠠᠳᠠᠵᠤ᠂ ᠨᠡᠶᠢᠳᠡ | ᠤᠯᠠᠨ ᠤ ᠬᠦᠨᠳᠦᠳᠭᠡᠯ ᠪᠡ ᠬᠦᠷᠢᠶᠡᠯᠡᠯ ᠢ ᠤᠯᠤᠬᠰᠠᠨ ᠪᠢᠯᠡ᠃ ᠼᠠᠢ ᠼᠦᠩ ᠪᠤᠯ ︽1+1︾ ᠨᠡᠶᠢᠳᠡ ᠶᠢᠨ ᠠᠰᠠᠷᠠᠮᠵᠢ ᠶᠢᠨ | ᠵᠤᠬᠢᠶᠠᠨ ᠪᠠᠶᠢᠭᠤᠯᠤᠯᠳᠠ ᠶᠢᠨ ᠬᠡᠰᠢᠭᠦᠨ᠂ ᠶᠢᠦ ᠷᠧᠨ ᠰᠤᠶᠤᠯ ᠵᠠᠭᠤᠴᠢ ᠶᠢᠨ ᠺᠤᠮᠫᠠᠨᠢ ᠶᠢᠨ ᠶᠡᠷᠦᠩᠬᠡᠢ ᠬᠦᠢᠴᠡᠳᠭᠡᠭᠴᠢ ᠲᠠᠷᠤᠭᠠ | ᠮᠦᠨ᠃ | 10 ᠨᠠᠰᠤᠳᠠᠢ ᠦᠶᠡ ᠳᠡᠭᠡᠨ ᠼᠠᠢ ᠼᠥᠩ ᠡᠪᠡᠳᠴᠢᠨ ᠠᠴᠠ ᠪᠤᠯᠵᠦ ᠬᠠᠷᠠᠭᠠᠨ ᠤ ᠮᠡᠳᠡᠷᠡᠯ ᠤᠨ ᠰᠤᠳᠠᠯ ᠨᠢ ᠠᠪᠴᠢᠵᠦ᠂ | ᠬᠠᠷᠠᠭᠠᠨ ᠰᠡᠷᠡᠯ ᠨᠢ 0.1 ᠪᠤᠯᠵᠤ ᠲᠤᠷᠤᠬᠰᠢᠯᠠᠭᠠᠳ ᠬᠠᠷᠠᠭᠠ ᠪᠠᠨ ᠠᠯᠲᠠᠬᠤ ᠰᠢᠬᠠᠬᠰᠠᠨ ᠪᠢᠯᠡ᠃ ᠡᠨᠡᠬᠦ ᠬᠡᠨᠡᠳᠳᠡ ᠶᠢᠨ ᠤᠴᠠᠷᠠᠯ ᠨᠢ | ᠲᠡᠭᠦᠨ ᠤ ᠬᠡᠷ ᠪᠦᠯᠢ ᠳᠤ ᠰᠡᠳᠬᠢᠴᠡ ᠪᠠ ᠠᠵᠦ ᠠᠬᠤᠢ ᠶᠢᠨ ᠬᠦᠨᠲᠦ ᠲᠠᠷᠤᠭᠠᠰᠦ ᠠᠪᠴᠢᠷᠠᠭᠰᠠᠨ ᠪᠢᠯᠡ᠃ ᠭᠡᠳᠦ᠋ᠢᠪᠡᠷ ᠠᠪᠤ ᠡᠵᠢ ᠨᠢ | ᠲᠡᠬᠦᠨ ᠤ ᠡᠪᠡᠳᠴᠢᠨ ᠢ ᠡᠮᠨᠡᠭᠦᠯᠬᠦ ᠭᠡᠵᠦ ᠪᠦᠬᠦ ᠤᠯᠤᠰ ᠤᠨ ᠡᠯ ᠡ ᠭᠠᠵᠠᠷ ᠤᠨ ᠲᠤᠮᠤ ᠲᠤᠮᠤ ᠡᠮᠨᠡᠯᠭᠡ ᠶᠢᠨ ᠬᠤᠷᠢᠶᠠ ᠳᠤ ᠬᠦᠷᠴᠦ | ᠨᠡᠷᠡᠳᠦ ᠡᠮᠴᠢ ᠶᠢ ᠬᠠᠶᠢᠬᠰᠠᠨ ᠪᠤᠯᠪᠠᠴᠤ ᠪᠦᠷ ᠬᠠᠷᠠᠭᠠ ᠶᠢ ᠨᠢ ᠰᠠᠶᠢᠵᠢᠷᠠᠭᠤᠯᠬᠤ ᠶᠢᠨ ᠠᠷᠭᠠ ᠦᠭᠡᠢ ᠭᠡᠰᠡᠨ ᠭᠠᠭᠴᠠᠭᠠᠨ ᠬᠠᠷᠢᠭᠤᠯᠲᠠ | ᠤᠯᠵᠠᠢ᠃ | ᠲᠤᠬᠠᠢ ᠶᠢᠨ ᠦᠶᠠ ᠳᠤ ᠼᠠᠢ ᠼᠥᠩ ᠤᠨ ᠠᠮᠢᠳᠤᠷᠠᠵᠤ ᠪᠠᠶᠢᠬᠰᠠᠨ ᠵᠢᠵᠢᠭ ᠪᠠᠯᠭᠠᠰᠤᠨ ᠳᠤ ᠵᠡᠮᠳᠡᠭᠴᠤᠳ ᠤᠨ ᠲᠤᠰᠬᠠᠢ | ᠰᠤᠷᠭᠠᠭᠤᠯᠢ ᠭᠡᠵᠦ ᠪᠠᠶᠢᠬᠰᠠᠨ ᠦᠭᠡᠢ ᠤᠴᠢᠷ ᠠᠴᠠ ᠲᠡᠷᠡ ᠪᠤᠰᠤᠳ ᠭᠡᠦᠭᠡᠳ ᠲᠠᠢ ᠠᠳᠠᠯᠢ ᠪᠠᠷ ᠪᠠᠭᠠ ᠰᠤᠷᠭᠠᠭᠤᠯᠢ ᠠᠴᠠ ᠡᠩ ᠤᠨ | ᠲᠤᠮᠳᠠᠳᠤ ᠰᠤᠷᠭᠠᠭᠤᠯᠢ ᠳᠤ ᠲᠠᠪᠰᠢᠵᠤ ᠰᠤᠷᠤᠯᠴᠠᠵᠦ ᠴᠢᠲᠠᠭᠰᠠᠨ ᠠᠵᠢ᠃ ᠬᠡᠳᠦ᠋ᠢᠪᠡᠷ ᠬᠠᠷᠠᠭᠠ ᠨᠢ ᠮᠠᠭᠤ ᠪᠤᠯᠪᠠᠴᠤ ᠲᠡᠭᠦᠨ ᠤ | ᠰᠤᠷᠤᠯᠭᠠ ᠶᠢᠨ ᠬᠢᠷᠢ ᠪᠦᠳᠦᠮᠵᠢ ᠨᠢ ᠬᠠᠷᠢᠨ ᠲᠦᠢᠯ ᠤᠨ ᠰᠠᠶᠢᠨ ᠪᠠᠶᠢᠵᠤ᠂ ᠲᠡᠭᠡᠳᠦ ᠲᠤᠮᠳᠠᠳᠤ ᠳᠤ ᠲᠠᠪᠰᠢᠬᠰᠠᠨ ᠠᠩᠬᠠᠨ ᠤ | ᠬᠤᠭᠤᠴᠠᠭᠠᠨ ᠳᠠᠭᠠᠨ ᠪᠦᠬᠦ ᠠᠩᠬᠢ ᠳᠠᠭᠠᠨ ᠲᠡᠷᠢᠬᠦᠯᠡᠭᠰᠡᠨ ᠪᠢᠯᠡ᠃ ᠡᠶᠢᠨᠬᠦ ᠪᠠᠭᠰᠢ ᠨᠢ ᠼᠠᠢ ᠼᠦᠩ ᠢᠶᠠᠷ ᠬᠡᠪ ᠲᠠᠭᠤᠷᠢᠶᠠᠯ ᠪᠤᠯᠭᠠᠵᠦ᠄ | ︽ᠼᠠᠢ ᠼᠦᠩ ᠬᠠᠷᠠᠭᠠ ᠮᠠᠭᠤ ᠪᠤᠯᠪᠠᠴᠤ ᠴᠢᠷᠮᠠᠶᠢᠨ ᠰᠤᠷᠤᠯᠴᠠᠲᠠᠭ ᠪᠠᠶᠢᠲᠠᠯᠠ ᠡᠷᠡᠭᠦᠯ ᠲᠤᠷᠨᠢᠭᠤᠨ ᠲᠠᠨᠤᠰ ᠶᠠᠮᠠᠷ ᠰᠢᠯᠳᠠᠭ ᠢᠶᠠᠷ ᠰᠠᠶᠢᠨ | ᠰᠤᠷᠤᠯᠴᠠᠬᠤ ᠦᠭᠡᠢ ᠪᠤᠢ︖︾ ᠭᠡᠵᠦ ᠰᠤᠷᠤᠬᠴᠢᠳ ᠢᠶᠠᠨ ᠰᠤᠷᠭᠠᠳᠠᠭ᠃ ᠭᠡᠪᠡᠴᠦ᠂ ᠪᠠᠭᠰᠢ ᠶᠢᠨ ᠬᠢᠨᠢ ᠡᠶᠢᠮᠦ ︽ᠮᠠᠬᠳᠠᠭᠠᠯ︾ ᠼᠠᠢ | ᠼᠦᠩ ᠳᠤ ᠤᠷᠤᠭᠰᠢ ᠲᠠᠪᠰᠢᠬᠤ ᠬᠦᠴᠦᠨ ᠤᠯᠭᠤᠭᠰᠠᠨ ᠦᠬᠡᠢ ᠮᠦᠷᠳᠡᠭᠡᠨ ᠬᠡᠳᠡᠷᠬᠦ ᠪᠠᠨ ᠬᠠᠷᠢᠨ ᠦᠪᠡᠷ ᠤᠨ ᠪᠡᠶ ᠡ ᠳᠡᠭᠡᠨ | ᠤᠯᠠᠮ ᠢᠶᠠᠷ ᠢᠳᠡᠭᠡᠯ ᠠᠯᠳᠠᠵᠠᠢ᠃ ᠲᠡᠭᠡᠳᠦ ᠲᠤᠮᠳᠠᠳᠤ ᠶᠢᠨ ᠬᠤᠭᠤᠴᠠᠭᠠᠨ ᠳᠤ ᠲᠡᠬᠦᠨ ᠤ ᠬᠠᠷᠠᠭᠠ ᠨᠢ ᠤᠯᠠᠮ ᠢᠶᠠᠷ ᠮᠠᠭᠤᠳᠠᠵᠤ᠂ | ᠲᠡᠬᠦᠰᠬᠦ ᠤᠨ ᠪᠤᠯᠵᠦ ᠬᠠᠮᠳᠤ ᠰᠤᠷᠤᠯᠭᠠᠳᠠᠨ ᠨᠢ ᠤᠯᠤᠰ ᠤᠨ ᠰᠢᠯᠭᠠᠯᠳᠠ ᠭᠡᠵᠦ ᠡᠲᠦᠷ ᠰᠦᠨᠢ ᠦᠬᠡᠢ ᠲᠠᠪᠲᠠᠬᠤ ᠳᠤ ᠲᠡᠷᠡ ᠬᠠᠷᠢᠨ | ᠰᠢᠯᠭᠠᠯᠳᠠ ᠶᠢᠨ ᠰᠡᠳᠦᠪ ᠢᠶᠠᠨ ᠴᠤ ᠤᠯᠵᠤ ᠦᠵᠡᠬᠦ ᠦᠭᠡᠢ ᠪᠤᠯᠤᠬᠰᠠᠨ ᠪᠠᠶᠢᠨᠠ᠃ ᠡᠶᠢᠨᠬᠦ ᠼᠠᠢ ᠼᠥᠩ ᠬᠠᠮᠢᠶᠠ ᠪᠦᠬᠦᠢ ᠰᠠᠯᠠᠭᠠ | ᠮᠦᠴᠢᠷ ᠤᠨ ᠬᠢᠨ ᠳᠤ ᠡᠷᠬᠦᠳᠡᠯ ᠪᠢᠴᠢᠵᠦ᠂ ᠲᠤᠰᠬᠠᠢ ᠬᠦᠮᠦᠨ ᠢᠶᠠᠷ ᠰᠢᠯᠭᠠᠯᠳᠠ ᠶᠢᠨ ᠰᠡᠳᠦᠪ ᠢᠶᠠᠨ ᠤᠩᠰᠢᠭᠤᠯᠬᠤ ᠪᠤᠯᠪᠠᠤ ᠭᠡᠵᠦ | ᠭᠤᠶᠤᠴᠢᠯᠠᠵᠠᠢ᠃ ᠭᠡᠪᠡᠴᠤ ᠦᠩᠭᠡᠷᠡᠭᠰᠡᠨ ᠳᠤ ᠡᠶᠢᠮᠦ ᠵᠢᠱᠢᠶᠡ ᠪᠠᠶᠢᠬᠤ ᠦᠬᠡᠢ᠂ ᠭᠡᠷᠡᠭᠵᠢᠭᠦᠯᠬᠦ ᠳᠤ ᠭᠦᠴᠢᠷᠳᠡᠢ ᠭᠡᠵᠦ ᠲᠡᠭᠦᠨ ᠤ | ᠭᠤᠶᠤᠴᠢᠯᠠᠯ ᠢ ᠨᠢ ᠬᠦᠯᠢᠶᠡᠨ ᠠᠪᠤᠬᠰᠠᠨ ᠦᠭᠡᠢ᠃ | ᠰᠢᠢᠳᠪᠦᠷᠢᠯᠡᠬᠦ ᠴᠢᠨᠠᠷᠲᠠᠢ ᠰᠢᠯᠭᠠᠯᠲᠠ ᠳᠤ ᠤᠷᠤᠯᠴᠠᠵᠦ ᠲᠡᠶᠢᠯᠬᠦ ᠦᠬᠡᠢ ᠪᠤᠯᠤᠨᠠ ᠭᠡᠬᠦ ᠠᠴᠠ ᠼᠠᠢ ᠼᠥᠩ ᠦᠪᠡᠷ ᠤᠨ | ᠢᠷᠡᠭᠡᠳᠦᠢ ᠶᠢᠨ ᠢᠶᠠᠨ ᠲᠦᠯᠦᠭᠡ ᠵᠢᠷᠤᠭᠡᠰᠢᠶᠡᠨ ᠲᠦᠳᠡᠭᠡᠯᠵᠡᠪᠡ᠃ | ᠡᠴᠦᠰ ᠲᠡᠭᠡᠨ ᠲᠡᠷᠡ ᠠᠪᠤ ᠡᠵᠢ ᠶᠢᠨ ᠢᠶᠠᠨ ᠬᠠᠪᠰᠤᠷᠤᠯᠭᠠ ᠲᠤᠤᠷᠠ ᠴᠠᠩᠴᠦ᠋ᠨ ᠶᠡᠭᠡ ᠰᠤᠷᠭᠠᠭᠤᠯᠢ ᠶᠢᠨ ᠵᠡᠮᠳᠡᠭ | ᠬᠡᠦᠬᠡᠳ ᠤᠨ ᠲᠤᠰᠬᠠᠢ ᠰᠤᠷᠭᠠᠨ ᠬᠦᠮᠦᠵᠢᠯ ᠤᠨ ᠲᠡᠭᠡᠳᠦ ᠰᠤᠷᠭᠠᠭᠤᠯᠢ ᠳᠤ ᠰᠢᠯᠭᠠᠨ ᠤᠷᠤᠵᠤ᠂ ᠵᠡᠬᠦᠦ ᠲᠦᠭᠡᠨᠡᠯᠭᠡ ᠢᠯᠢᠵᠦ ᠪᠠᠷᠢᠬᠤ | ᠵᠠᠰᠠᠯ ᠤᠨ ᠰᠠᠯᠪᠤᠷᠢ ᠳᠤ ᠰᠤᠷᠤᠯᠴᠠᠵᠠᠢ᠃ ︽ᠬᠠᠷᠠᠭᠠ ᠮᠠᠭᠤ ᠬᠦᠮᠦᠨ ᠢᠯᠢᠵᠤ ᠨᠤᠬᠤᠯᠬᠤ ᠠᠵᠢᠯ ᠬᠢᠬᠦ ᠨᠢ ᠬᠠᠮᠤᠭ ᠤᠨ ᠰᠠᠶᠢᠨ | ᠰᠤᠩᠭᠤᠯᠳᠠ ᠮᠦᠨ︾ ᠭᠡᠬᠦ ᠪᠠᠭᠰᠢ ᠶᠢᠨ ᠢᠶᠠᠨ ᠢᠳᠬᠠᠯ ᠢ ᠰᠤᠨᠤᠰᠤᠬᠰᠠᠨ ᠼᠠᠢ ᠼᠥᠩ᠂ ᠨᠠᠲᠠᠲᠦ ᠦᠨᠡᠭᠡᠷ ᠢᠷᠡᠭᠡᠲᠦᠢ ᠪᠠᠶᠢᠬᠤ ᠦᠬᠡᠢ | ᠭᠡᠵᠦ ᠤᠤ︖ ᠮᠠᠨ ᠤ ᠬᠠᠮᠳᠤ ᠰᠤᠷᠤᠯᠭᠠᠳᠠᠨ ᠤ ᠲᠤᠲᠤᠷᠠ ᠲᠠᠭᠤᠤ ᠬᠦᠭᠵᠢᠮ᠂ ᠭᠠᠲᠠᠭᠠᠲᠦ ᠬᠡᠯᠡ ᠳᠡᠭᠡᠨ ᠰᠠᠶᠢᠨ ᠬᠦ᠋ᠮᠦᠰ ᠵᠦᠡᠭᠳᠡᠭᠡᠨ | ᠪᠠᠶᠢᠲᠠᠯᠠ ᠶᠠᠭᠠᠬᠢᠬᠤ ᠳᠠᠭᠠᠨ ᠦᠬᠡᠷᠡ ᠠᠵᠢᠯ ᠤᠨ ᠪᠤᠯᠤᠮᠵᠢ ᠡᠷᠢᠯᠬᠢᠯᠡᠳᠡᠭ ᠦᠬᠡᠢ ᠪᠤᠢ︖ ᠭᠡᠵᠦ ᠪᠤᠳᠤᠯᠬᠢᠯᠠᠵᠦ ᠡᠬᠢᠯᠡᠭᠰᠡᠨ ᠪᠢᠯᠡ᠃ | ᠶᠡᠭᠡ ᠰᠤᠷᠭᠠᠭᠤᠯᠢ ᠪᠠᠨ ᠲᠡᠭᠦᠰᠦᠭᠰᠡᠨ ᠤ ᠲᠠᠷᠠᠭᠠ᠂ ᠬᠠᠮᠲᠦ ᠰᠤᠷᠤᠯᠭᠠᠲᠠᠨ ᠨᠢ ᠪᠦᠷ ᠯᠡ ᠪᠠᠭᠰᠢ ᠶᠢᠨ ᠬᠢᠨᠢ ᠬᠡᠯᠡᠭᠰᠡᠨ | ᠰᠢᠭ ᠢᠶᠠᠷ ᠢᠯᠢᠵᠤ ᠨᠤᠬᠤᠯᠬᠤ ᠠᠵᠢᠯ ᠬᠢᠭᠰᠡᠨ ᠪᠠᠶᠢᠪᠠ᠃ ᠬᠦᠰᠡᠯ ᠢᠷᠡᠭᠡᠲᠦᠢ ᠶᠢᠨ ᠢᠶᠠᠨ ᠲᠦᠯᠦᠬᠡ ᠵᠤᠷᠢᠮᠠᠭ ᠢᠶᠠᠷ ᠵᠢᠳᠬᠦᠳᠡᠭ ᠼᠠᠢ | ᠼᠥᠩ ᠰᠦᠯᠵᠢᠶᠡᠨ ᠲᠡᠭᠡᠷᠡ ᠨᠠᠮᠲᠠᠷ ᠢᠶᠠᠨ ᠭᠠᠷᠭᠠᠵᠤ ᠠᠵᠢᠯ ᠡᠷᠢᠵᠦ ᠡᠬᠢᠯᠡᠭᠰᠡᠨ ᠪᠢᠯᠡ᠃ ᠠᠵᠠ ᠲᠤᠬᠢᠶᠠᠯ ᠢᠶᠠᠷ᠂ ᠭᠡᠨᠡᠳᠳᠡ ᠨᠢᠬᠡ | ᠤᠲᠠᠭᠠ ᠲᠡᠷᠡ ᠨᠡᠶᠢᠳᠡ ᠶᠢᠨ ᠠᠰᠠᠷᠠᠮᠵᠢ ᠶᠢᠨ ᠵᠤᠬᠢᠶᠠᠨ ᠪᠠᠶᠢᠭᠤᠯᠤᠯᠳᠠ —︽1+1︾ ᠵᠡᠮᠳᠡᠭᠴᠦᠦᠯ ᠤᠨ ᠰᠤᠶᠤᠯ ᠤᠬᠠᠭᠤᠯᠭᠠ ᠶᠢ | ᠬᠦᠭᠵᠢᠬᠦᠯᠬᠦ ᠲᠦᠪ ᠤᠨ ᠬᠢᠨ ᠷᠠᠳᠢᠣ᠋ ᠨᠡᠪᠳᠡᠷᠡᠭᠦᠯᠭᠡ ᠶᠢᠨ ᠬᠦᠳᠦᠯᠦᠭᠴᠢ ᠡᠯᠰᠡᠵᠦ ᠪᠠᠶᠢᠭᠠ ᠶᠢ ᠮᠡᠳᠡᠭᠰᠡᠨ ᠪᠢᠯᠡ᠃ ᠲᠤᠰ ᠵᠤᠬᠢᠶᠠᠨ | ᠪᠠᠶᠢᠭᠤᠯᠤᠯᠳᠠ ᠪᠤᠯ 2006 ᠤᠨ ᠳᠤ 8 ᠵᠡᠮᠳᠡᠭ ᠭᠦᠮᠦᠨ ᠬᠠᠮᠲᠤᠷᠠᠨ ᠡᠷᠬᠢᠯᠡᠭᠰᠡᠨ ᠲᠤᠰᠬᠠᠢᠢᠯᠠᠨ ᠵᠡᠮᠳᠡᠭᠴᠦᠦᠯ ᠢ ᠬᠠᠯᠠᠮᠵᠢᠯᠠᠲᠠᠭ | ᠨᠡᠶᠢᠳᠡ ᠶᠢᠨ ᠠᠰᠠᠷᠠᠮᠵᠢ ᠶᠢᠨ ᠵᠤᠬᠢᠶᠠᠨ ᠪᠠᠶᠢᠭᠤᠯᠤᠯᠳᠠ ᠮᠦᠨ᠃ ᠰᠦᠯᠵᠢᠶᠡᠨ ᠲᠡᠭᠡᠷᠡ ᠲᠤᠪᠴᠢ ᠨᠠᠮᠳᠠᠷ ᠢᠶᠠᠨ ᠢᠯᠡᠭᠡᠭᠰᠡᠨ ᠼᠠᠢ ᠼᠦᠩ | ᠨᠢᠭᠤᠷᠳᠡᠨ ᠰᠢᠯᠭᠠᠯᠳᠠ ᠶᠢᠨ ᠮᠡᠳᠡᠭᠳᠡᠯ ᠢ ᠪᠠᠶᠠᠷᠲᠠᠶᠢᠬᠠᠨ ᠲᠤᠰᠴᠦ ᠪᠡᠭᠡᠵᠢᠩ ᠬᠤᠳᠠᠨᠠ ᠬᠦᠷᠴᠦ ᠠᠮᠵᠢᠯᠲᠠ ᠲᠠᠢ ᠰᠢᠯᠭᠠᠭᠤᠯᠤᠭᠠᠳ᠂ | ᠲᠤᠰ ᠵᠤᠬᠢᠶᠠᠨ ᠪᠠᠶᠢᠭᠤᠯᠤᠯᠳᠠ ᠶᠢᠨ ᠨᠢᠭᠡᠨ ᠠᠵᠢᠯᠳᠠᠨ ᠪᠤᠯᠵᠡᠢ᠃ | ︽1+1︾ ᠵᠡᠮᠳᠡᠭᠴᠦᠦᠯ ᠤᠨ ᠰᠤᠶᠤᠯ ᠤᠬᠠᠭᠤᠯᠭᠠ ᠶᠢ ᠬᠦᠭᠵᠢᠬᠦᠯᠬᠦ ᠲᠦᠪ ᠲᠤ ᠼᠠᠢ ᠼᠦᠩ ᠦᠪᠡᠷ ᠤᠨ ᠢᠶᠠᠨ ᠲᠡᠮᠡᠴᠡᠬᠦ | ᠬᠠᠷᠠᠯᠳᠠ ᠴᠢᠭᠯᠡᠬᠦ ᠵᠦᠭ ᠢᠶᠠᠨ ᠤᠯᠵᠤ᠂ ᠬᠠᠮᠳᠤ ᠠᠵᠢᠯᠳᠠᠳ ᠲᠠᠢ ᠪᠠᠨ ᠵᠤᠬᠢᠶᠠᠨ ᠪᠠᠶᠢᠭᠤᠯᠤᠯᠳᠠ ᠪᠠᠨ ᠲᠠᠰᠤᠷᠠᠯᠳᠠ ᠦᠭᠡᠢ | ᠭᠦᠭᠵᠢᠭᠦᠯᠵᠦ ᠪᠤᠵᠠᠭᠠᠢᠢᠷᠠᠭᠤᠯᠬᠤ ᠪᠠᠷ ᠴᠢᠷᠮᠠᠶᠢᠬᠰᠠᠨ ᠪᠠᠶᠢᠨᠠ᠃ 2008 ᠤᠨ ᠳᠤ ᠲᠤᠰ ᠵᠤᠬᠢᠶᠠᠨ ᠪᠠᠶᠢᠭᠤᠯᠤᠯᠳᠠ ᠨᠢ | ᠪᠡᠭᠡᠵᠢᠩ ᠤᠨ ᠤᠯᠢᠮᠫᠢᠺ ᠤᠨ ᠲᠠᠮᠢᠷ ᠤᠨ ᠴᠤᠬᠯᠠᠭᠠᠨ ᠤ ᠴᠤᠷ ᠤᠨ ᠭᠠᠭᠴᠠ ᠠᠯᠪᠠᠨ ᠤ ᠪᠤᠰᠤ ᠵᠡᠮᠳᠡᠭᠴᠦᠦᠯ ᠤᠨ ᠵᠠᠭᠤᠴᠢᠯᠠᠭᠤᠷ ᠤᠨ | ᠨᠡᠷᠡ ᠪᠠᠷ᠂ ᠵᠡᠮᠳᠡᠭᠴᠤᠳ ᠤᠨ ᠤᠯᠢᠮᠫᠢᠺ ᠤᠨ ᠴᠤᠬᠯᠠᠭᠠᠨ ᠢ ᠮᠡᠳᠡᠭᠡᠯᠡᠭᠰᠡᠨ ᠪᠠᠶᠢᠨᠠ᠃ ᠼᠠᠢ ᠼᠦᠩ ᠪᠠᠰᠠ ᠬᠤᠪᠢ ᠪᠠᠷ ᠢᠶᠠᠨ ᠺᠤᠮᠫᠠᠨᠢ | ᠪᠠᠶᠢᠭᠤᠯᠵᠤ᠂ ᠲᠡᠷᠡᠴᠢᠯᠡᠨ ᠬᠠᠷᠸᠠᠷᠳ᠋ ᠶᠡᠭᠡ ᠰᠤᠷᠭᠠᠭᠤᠯᠢ ᠶᠢᠨ ᠬᠠᠤᠯᠢ ᠴᠠᠭᠠᠵᠠ ᠶᠢᠨ ᠲᠡᠭᠡᠳᠦ ᠰᠤᠷᠭᠠᠭᠤᠯᠢ ᠶᠢᠨ ᠤᠨᠴᠠ ᠤᠷᠢᠬᠰᠠᠨ | ᠵᠡᠮᠳᠡᠭᠴᠤᠤᠯ ᠤᠨ ᠠᠵᠤ ᠦᠢᠯᠡᠰ ᠤᠨ ᠬᠦᠭᠵᠢᠯᠳᠡ ᠶᠢᠨ ᠲᠦᠰᠤᠯ ᠤᠨ ᠲᠤᠰᠬᠠᠢ ᠮᠡᠷᠭᠡᠵᠢᠯᠳᠡᠨ ᠪᠤᠯᠵᠠᠢ᠃ ᠼᠠᠢ ᠼᠦᠩ ᠰᠢᠨᠲᠠᠷᠠᠰᠢ | ᠦᠬᠡᠢ ᠴᠢᠷᠮᠠᠶᠢᠯᠭᠠ ᠪᠠᠷ ᠢᠶᠠᠨ ᠠᠮᠢ ᠨᠠᠰᠤᠨ ᠳᠤ ᠪᠤᠯᠤᠮᠵᠢ ᠵᠠᠪᠰᠢᠶᠠᠨ ᠵᠦᠡᠭᠳᠡᠭᠡᠨ ᠪᠠᠶᠢᠨᠠ ᠭᠡᠳᠡᠭ ᠢ ᠬᠡᠷᠡᠴᠢᠯᠡᠭᠰᠡᠨ ᠪᠢᠯᠡ ᠁ | ᠼᠠᠢ ᠼᠦᠩ ᠲᠤᠷᠠ ᠪᠠᠬᠠ ᠲᠠᠢ ᠠᠵᠢᠯ ᠤᠨ ᠪᠠᠶᠢᠷᠢ᠂ ᠬᠠᠯᠠᠭᠤᠨ ᠲᠤᠯᠠᠭᠠᠨ ᠭᠡᠷ ᠪᠦᠯᠢ ᠲᠠᠢ ᠪᠤᠯᠵᠤ᠂ ᠬᠦᠷᠬᠦ | ᠢᠷᠡᠭᠡᠳᠦᠢ ᠳᠡᠭᠡᠨ ᠨᠡᠩ ᠴᠦ ᠢᠳᠡᠭᠡᠯ ᠲᠡᠭᠦᠯᠳᠡᠷ ᠪᠤᠯᠵᠡᠢ᠃ ᠭᠡᠳᠡᠯᠡ ᠠᠪᠤ ᠡᠵᠢ ᠨᠢ ᠬᠠᠷᠢᠨ ᠬᠦᠦ ᠶᠢᠨ ᠢᠶᠠᠨ ᠲᠦᠯᠦᠬᠡ ᠲᠠᠩᠲᠠ ᠰᠠᠨᠠᠭᠠ | ᠪᠤᠯᠲᠠᠭ᠃ ᠵᠠᠷᠢᠮ ᠬᠦᠮᠦᠨ ᠲᠡᠭᠦᠨ ᠤ ᠭᠡᠷᠡᠯ ᠵᠢᠷᠤᠭ ᠰᠡᠭᠦᠳᠡᠷᠯᠡᠬᠦ ᠲᠤᠷᠠ ᠪᠠᠭ᠋ᠠᠳᠠᠢ ᠪᠠᠶᠢᠬᠤ ᠶᠢ ᠤᠯᠵᠤ ᠮᠡᠳᠡᠭᠡᠳ ︽ᠲᠠ ᠤᠯᠵᠤ | ᠦᠵᠡᠳᠡᠭ ᠦᠭᠡᠢ ᠪᠠᠶᠢᠲᠠᠯᠠ ᠶᠠᠭᠠᠬᠢᠵᠤ ᠰᠡᠭᠦᠳᠡᠷᠯᠡᠳᠡᠭ ᠪᠤᠢ︖ ᠰᠦᠯᠵᠢᠶᠡᠨ ᠳᠤ ᠭᠠᠷᠴᠤ ᠲᠡᠶᠢᠯᠦᠨᠠ ᠤᠤ︾ ᠬᠡᠬᠦ ᠮᠡᠲᠦ ᠪᠠᠷ | ᠠᠰᠠᠭᠤᠵᠦ ᠰᠤᠷᠠᠲᠠᠭ ᠨᠢ ᠴᠦ ᠤᠯᠠᠨ ᠪᠠᠶᠢᠲᠠᠭ᠃ ᠡᠶᠢᠮᠦᠷᠬᠦ ᠬᠡᠪᠰᠢᠮᠡᠯ ᠦᠵᠡᠯᠳᠡ ᠨᠢ ᠨᠡᠶᠢᠭᠡᠮ ᠨᠡᠶᠢᠳᠡ ᠶᠢᠨ ᠰᠡᠳᠬᠢᠬᠦᠢ ᠳᠤ ᠬᠦᠨ | ᠬᠠᠳᠠᠩᠰᠢᠬᠰᠠᠨ ᠠᠴᠠ ᠬᠤᠪᠢᠷᠠᠭᠤᠯᠬᠤ ᠳᠤ ᠲᠦᠢᠯ ᠤᠨ ᠬᠦᠴᠢᠷ ᠪᠠᠶᠢᠲᠠᠭ ᠠᠵᠢ᠃ ᠤᠳᠤᠬᠠᠨ ᠤ ᠨᠡᠶᠢᠭᠡᠮ ᠳᠤ ᠵᠡᠮᠳᠡᠭᠴᠤᠳ ᠮᠦᠨ ᠯᠡ | ᠤᠯᠠᠨ ᠨᠡᠶᠢᠳᠡ ᠶᠢᠨ ᠠᠨᠳᠠᠭᠤᠷᠠᠯ ᠪᠤᠶᠤ ᠦᠵᠡᠯ ᠰᠠᠨᠠᠭᠠᠨ ᠤ ᠬᠦᠯᠢᠶᠡᠰᠦᠯᠡᠯ ᠠᠴᠠ ᠪᠤᠯᠵᠦ ᠤᠶᠤᠨ ᠰᠠᠨᠠᠭᠠᠨ ᠤ ᠲᠠᠷᠤᠯᠳᠠ ᠲᠠᠢ | ᠪᠠᠶᠢᠭᠠ ᠨᠢ ᠪᠤᠳᠠᠳᠤ ᠶᠠᠪᠤᠲᠠᠯ ᠪᠢᠯᠡ᠃ | ᠡᠶᠢᠨᠬᠦ SELF ᠶᠠᠷᠢᠶᠠᠨ ᠤ ᠲᠠᠪᠴᠠᠩ ᠲᠤ ᠼᠠᠢ ᠼᠦᠩ 2014 ᠤᠨ ᠳᠤ ᠪᠤᠯᠤᠬᠰᠠᠨ ᠨᠢᠬᠡᠨ ᠶᠠᠪᠤᠲᠠᠯ ᠢᠶᠠᠨ | ᠤᠯᠠᠨ ᠲᠠᠢ ᠬᠤᠪᠢᠶᠠᠯᠴᠠᠬᠰᠨᠨ ᠪᠢᠯᠡ᠃ ᠲᠤᠰ ᠵᠢᠯ ᠲᠡᠷᠡ ᠠᠮᠧᠷᠢᠺᠠ ᠶᠢᠨ ᠬᠠᠷᠸᠠᠷᠳ᠋ ᠶᠡᠭᠡ ᠰᠤᠷᠭᠠᠭᠤᠯᠢ ᠳᠤ ᠡᠯᠰᠡᠭᠳᠡᠭᠰᠡᠨ ᠵᠡᠮᠳᠡᠭ | ᠭᠡᠦᠭᠡᠨ ᠢ ᠰᠤᠷᠪᠤᠯᠵᠢᠯᠠᠵᠠᠢ᠃ ︽ᠲᠦᠷᠦᠯᠬᠢ ᠬᠠᠷᠠᠭᠠ ᠰᠤᠨᠤᠷ ᠮᠠᠭᠤ ᠪᠠᠶᠢᠳᠠᠯ ᠲᠤᠤᠷᠠ ᠲᠠ ᠡᠳᠦ᠋ᠢᠴᠢᠨᠡᠭᠡᠨ ᠵᠢᠯ ᠤᠳ ᠢ ᠶᠠᠭᠠᠬᠢᠵᠦ | ᠦᠩᠭᠡᠷᠡᠬᠦᠯᠵᠦ ᠢᠷᠡᠭᠰᠡᠨ ᠪᠤᠢ︖ ᠠᠪᠤ ᠡᠵᠢ ᠴᠢᠨᠢ ᠲᠠᠨ ᠢ ᠬᠠᠷᠠ ᠶᠠᠷᠰᠢᠭ ᠭᠡᠵᠦ ᠬᠠᠶᠠᠬᠤ ᠭᠡᠰᠡᠨ ᠰᠠᠨᠠᠭᠠ ᠤᠷᠤᠵᠤ ᠦᠩᠭᠡᠷᠡᠭᠰᠡᠨ | ᠤᠤ︖︾ ᠭᠡᠵᠦ ᠰᠢᠭᠤᠳ ᠠᠰᠠᠭᠤᠬᠰᠠᠨ ᠳᠤ ᠨᠦᠬᠦᠬᠡ ᠬᠡᠦᠬᠡᠨ ︽ᠠᠪᠤ ᠡᠵᠢ ᠮᠠᠨᠢ ᠨᠠᠮᠠᠢᠢ ᠡᠭᠡᠴᠢ ᠲᠡᠭᠦᠦ ᠨᠠᠷ ᠲᠠᠢ ᠲᠡᠩ ᠰᠠᠴᠠᠭᠤ | ᠬᠠᠶᠢᠷᠠᠯᠠᠵᠤ᠂ ᠬᠡᠦᠬᠡᠳ ᠪᠤᠯ ᠲᠡᠭᠷᠢ ᠠᠴᠠ ᠢᠪᠡᠭᠡᠭᠰᠡᠨ ᠨᠠᠨᠳᠢᠨ ᠪᠡᠯᠡᠭ ᠮᠦᠨ ᠭᠡᠵᠦ ᠦᠵᠡᠳᠡᠭ᠂ ᠲᠡᠨ ᠤ ᠡᠳᠡᠭᠡᠷ ᠠᠰᠠᠭᠤᠳᠠᠯ ᠢ ᠶᠡᠷᠦᠨᠢ | ᠪᠤᠳᠤᠯᠬᠢᠯᠠᠵᠤ ᠦᠩᠭᠡᠷᠡᠭᠰᠡᠨ ᠦᠭᠡᠢ︾ ᠭᠡᠵᠦ ᠬᠠᠷᠢᠭᠤᠯᠤᠬᠰᠠᠨ ᠮᠦᠷᠳᠡᠭᠡᠨ ︽︿ᠬᠠᠮᠢᠶᠠ ᠦᠭᠡᠢ᠂ ᠮᠢᠨᠦ ᠬᠡᠦᠬᠡᠨ ᠳᠤ ᠦᠬᠡᠷᠡ ᠨᠢᠭᠡ | ᠵᠦᠢᠯ ᠤᠨ ᠠᠮᠢᠳᠤᠷᠠᠬᠤ ᠠᠷᠭᠠ ᠪᠠᠶᠢᠲᠠᠭ ᠡ﹀ ᠭᠡᠵᠦ ᠲᠡᠬᠦᠨ ᠢ ᠲᠤᠰᠬᠠᠢ ᠪᠤᠯᠪᠠᠰᠤᠷᠠᠯ ᠤᠨ ᠭᠠᠵᠠᠷ ᠲᠤ ᠬᠦᠷᠭᠡᠵᠦ᠂ ᠬᠠᠷᠠᠭᠠ ᠮᠠᠭᠤᠲᠠᠢ | ᠬᠦᠮᠦᠰ ᠤᠨ ᠦᠰᠦᠭ ᠪᠢᠴᠢᠭ ᠪᠡ ᠴᠢᠬᠤᠯᠠ ᠪᠦᠬᠦᠢ ᠠᠮᠢᠳᠤᠷᠠᠯ ᠤᠨ ᠴᠢᠳᠠᠪᠤᠷᠢ ᠶᠢ ᠰᠤᠷᠤᠯᠴᠠᠭᠤᠯᠵᠦ᠂ ᠡᠩ ᠤᠨ ᠬᠡᠦᠬᠡᠳ ᠲᠠᠢ | ᠠᠳᠠᠯᠢ ᠪᠠᠷ ᠲᠤᠮᠳᠠᠳᠤ ᠰᠤᠷᠭᠠᠭᠤᠯᠢ ᠳᠤ ᠰᠤᠷᠤᠯᠴᠠᠭᠤᠯᠵᠤ ᠡᠴᠦᠰ ᠲᠡᠭᠡᠨ ᠬᠠᠷᠸᠠᠷᠳ᠋ ᠶᠡᠭᠡ ᠰᠤᠷᠭᠠᠭᠤᠯᠢ ᠶᠢᠨ ᠤᠶᠤᠲᠠᠨ ᠪᠤᠯᠭᠠᠵᠠᠢ︾ | ᠭᠡᠵᠦ ᠬᠠᠷᠢᠭᠤᠯᠤᠬᠰᠠᠨ ᠬᠡᠨᠡ᠃ | ᠡᠨᠡ ᠦᠯᠢᠭᠡᠷ ᠨᠢ ᠼᠠᠢ ᠼᠦᠩ ᠳᠤ ᠶᠡᠬᠡᠭᠡᠨ ᠰᠡᠩᠭᠡᠷᠡᠭᠦᠯᠦᠯ ᠪᠤᠯᠵᠠᠢ᠃ ᠲᠡᠷᠡ᠂ ᠪᠡᠶᠡ ᠵᠡᠮᠳᠡᠭ ᠨᠢ ᠦᠨᠡᠨᠳᠡᠭᠡᠨ ᠲᠤᠳᠠᠬᠳᠠᠯ | ᠪᠢᠰᠢ ᠬᠠᠷᠢᠨ ᠠᠮᠢ ᠨᠠᠰᠤᠨ ᠤ ᠨᠢᠭᠡ ᠤᠨᠴᠠᠯᠢᠭ ᠲᠡᠳᠦᠢ ᠭᠡᠵᠦ ᠪᠤᠳᠤᠬᠤ ᠪᠤᠯᠤᠬᠰᠠᠨ ᠪᠦᠭᠡᠳ ︽ᠬᠡᠷᠪᠡ ᠠᠩᠬᠠ ᠡᠬᠢᠯᠡᠬᠦ ᠳᠤ᠂ ᠬᠠᠷᠠᠭᠠ | ᠮᠠᠭᠤᠲᠠᠬᠰᠠᠨ ᠢ ᠲᠤᠳᠤᠯᠠᠬᠰᠠᠨ ᠦᠶᠡᠰ᠂ ᠡᠮᠴᠢ ᠪᠤᠶᠤ ᠡᠷᠬᠢᠨ ᠲᠤᠭᠤᠷᠢᠨ ᠤ ᠬᠦᠮᠦᠰ ᠨᠡᠳᠡᠳᠦ ︿ᠬᠠᠮᠢᠶᠠ ᠦᠬᠡᠢ᠂ ᠠᠮᠢᠳᠤᠷᠠᠬᠤ | ᠠᠷᠭᠠ ᠪᠠᠨ ᠬᠤᠪᠢᠷᠠᠭᠤᠯᠪᠠᠯ ᠪᠤᠯᠴᠢᠬᠠᠨᠠ﹀ ᠭᠡᠵᠦ ᠭᠡᠯᠡᠭᠰᠡᠨ ᠪᠤᠯ᠂ ᠬᠡᠷᠪᠡ ᠨᠡᠩ ᠤᠯᠠᠨ ᠭᠡᠷ ᠪᠦᠯᠢ ᠢᠡᠭᠬᠢᠵᠦ ᠬᠠᠷᠢᠭᠤᠯᠤᠬᠰᠠᠨ ᠪᠤᠯ | ᠵᠡᠮᠳᠡᠭᠴᠤᠳ ᠤᠨ ᠢᠷᠡᠭᠡᠳᠦᠢ ᠶᠠᠮᠠᠷ ᠪᠤᠯᠬᠤ ᠪᠤᠢ︖︾ ᠭᠡᠵᠦ ᠲᠡᠷᠡ ᠬᠦᠮᠦᠰ ᠤᠨ ᠭᠡᠪᠰᠢᠮᠡᠯ ᠦᠵᠡᠯ ᠢ ᠬᠤᠪᠢᠷᠠᠭᠤᠯᠬᠤ ᠪᠤᠯ | ᠬᠠᠮᠤᠭ ᠤᠨ ᠴᠢᠬᠤᠯᠠ ᠶᠠᠪᠤᠳᠠᠯ ᠮᠦᠨ ᠭᠡᠵᠦ ᠤᠬᠠᠬᠰᠠᠨ ᠪᠢᠯᠡ᠃ | 2016 ᠤᠨ ᠤ ᠠᠯᠪᠠᠨ ᠪᠦᠷᠢᠳᠭᠡᠯ ᠢ ᠦᠨᠳᠦᠰᠦᠯᠡᠪᠡᠯ᠂ ᠮᠠᠨ ᠤ ᠤᠯᠤᠰ ᠲᠤ ᠤᠳᠤ ᠪᠠᠷᠤᠬ 8500 ᠲᠦᠮᠡᠨ | ᠵᠡᠮᠳᠡᠭᠴᠦᠳ ᠪᠠᠶᠢᠨᠠ᠃ ᠭᠡᠪᠡᠴᠤ ᠼᠠᠢ ᠼᠦᠩ ᠮᠡᠳᠦ ᠵᠡᠮᠳᠡᠭᠴᠤᠳ ᠤᠨ ᠲᠦᠯᠦᠭᠡ ᠦᠭᠡ ᠶᠠᠷᠢᠵᠤ ᠤᠷᠢᠶᠠᠯᠠᠨ ᠲᠠᠭᠤᠲᠠᠬᠤ ᠬᠦᠮᠦᠨ | ᠬᠠᠷᠢᠨ ᠡᠳᠦᠷ ᠤᠨ ᠤᠳᠤ ᠮᠡᠳᠦ ᠴᠦᠭᠡᠨ ᠪᠠᠶᠢᠬᠰᠠᠭᠠᠷ᠃ 2008 ᠤᠨ ᠳᠤ ᠮᠠᠨ ᠤ ᠤᠯᠤᠰ ᠤᠯᠠᠨ ᠤᠯᠤᠰ ᠤᠨ ᠬᠤᠯᠪᠤᠭᠠᠳᠤ | ᠪᠠᠶᠢᠭᠤᠯᠤᠯᠭᠠ ᠶᠢᠨ ︽ᠵᠡᠮᠳᠡᠭᠴᠦᠳ ᠤᠨ ᠡᠷᠭᠡ ᠠᠰᠢᠭ ᠢ ᠬᠠᠮᠠᠭᠠᠯᠠᠬᠤ ᠭᠡᠷᠡ︾ ᠳᠤ ᠭᠠᠷ ᠤᠨ ᠦᠰᠦᠭ ᠵᠢᠷᠤᠬᠰᠠᠨ ᠪᠤᠯᠪᠠᠴᠤ | ᠤᠲᠤᠬᠠᠨ ᠳᠤ ᠡᠨᠡᠬᠦ ᠭᠡᠷᠡ ᠶᠢᠨ ᠦᠷᠡ ᠨᠦᠯᠦᠭᠡ ᠨᠢ ᠲᠦᠢᠯ ᠤᠨ ᠬᠢᠵᠠᠭᠠᠷᠳᠠᠢ ᠪᠠᠶᠢᠬᠰᠠᠭᠠᠷ᠃ | ᠬᠡᠳᠦᠨ ᠵᠢᠯ ᠤᠨ ᠲᠤᠷᠰᠢ ᠼᠠᠢ ᠼᠦᠩ᠂ ᠵᠡᠮᠳᠡᠭ ᠪᠤᠯ ᠨᠢᠭᠡ ᠭᠦᠮᠦᠨ ᠤ ᠤᠨᠴᠠᠯᠢᠭ ᠲᠡᠳᠦᠢ᠂ ᠬᠦᠮᠦᠨ ᠪᠦᠷᠢ ᠡᠷᠭᠡ ᠲᠡᠰᠢ | ᠪᠠᠶᠢᠬᠤ ᠶᠤᠰᠤᠳᠠᠢ᠂ ᠬᠦᠮᠦᠨ ᠪᠦᠷᠢ ᠠᠮᠢ ᠨᠠᠰᠤᠨ ᠤ ᠠᠳᠠᠯᠢᠬᠠᠨ ᠦᠨᠡ ᠦᠷᠳᠡᠭ ᠪᠡ ᠪᠤᠰᠤᠳ ᠤᠨ ᠬᠦᠨᠳᠦᠳᠭᠡᠯ ᠢ ᠤᠯᠬᠤ | ᠡᠷᠭᠡ ᠲᠠᠢ ᠪᠠᠶᠢᠳᠠᠭ ᠭᠡᠵᠦ ᠦᠪᠡᠷ ᠤᠨ ᠪᠤᠲᠤᠯ ᠰᠠᠨᠠᠯ ᠢᠶᠠᠨ ᠲᠠᠮᠵᠢᠭᠤᠯᠵᠦ ᠤᠬᠠᠭᠤᠯᠤᠨ᠂ ᠮᠦᠨ ᠡᠬᠦᠨ ᠤ ᠪᠠᠨ ᠲᠦᠯᠦᠬᠡ ᠴᠤᠴᠠᠯᠲᠠ | ᠦᠬᠡᠢ ᠴᠢᠷᠮᠠᠶᠢᠬᠰᠠᠭᠠᠷ ᠁ | ︽ᠪᠦᠮᠪᠦᠷᠴᠡᠭ ᠤᠨ ᠬᠦᠮᠦᠨ︾ ᠰᠡᠳᠭᠦᠯ ᠠᠴᠠ ᠤᠷᠴᠢᠭᠤᠯᠪᠠ | |