19 ᠳ᠋ᠤᠭᠡᠷ ᠵᠠᠭᠤᠨ ᠤ ᠰᠡᠭᠦᠯᠴᠢ ᠪᠠᠷ᠂ ᠠᠩᠭ᠍ᠯᠢ ᠶᠢᠨ ᠮᠦᠩᠭᠦᠨ ᠬᠦᠢᠯᠭᠡᠭᠡᠨ ᠤ ᠲᠤᠮᠤ ᠭᠦᠷᠦᠩᠭᠡᠳᠡᠨ ᠰᠸᠢᠢᠰᠢᠯ· ᠷᠤᠳᠧᠰ | ᠡᠮᠦᠨᠡᠳᠦ ᠠᠹᠷᠢᠺᠠ ᠲᠢᠪ ᠤᠨ ᠨᠢᠭᠡ ᠲᠤᠮᠤ ᠠᠯᠮᠠᠰ ᠤᠨ ᠠᠭᠤᠷᠬᠠᠢ ᠶᠢ ᠬᠤᠳᠠᠯᠳᠤᠨ ᠠᠪᠴᠤ᠂ ᠳ᠋ᠧᠪᠢᠷᠰᠧ ᠭᠡᠬᠦ ᠠᠯᠮᠠᠰ ᠡᠳ᠋ᠯᠡᠯ ᠤᠨ | ᠺᠤᠮᠫᠠᠨᠢ ᠶᠢ ᠡᠷᠬᠢᠯᠡᠨ ᠪᠠᠶᠢᠭᠤᠯᠵᠤ᠂ ᠤᠳᠠᠯ ᠦᠭᠡᠢ ᠪᠦᠬᠦ ᠠᠩᠭ᠍ᠯᠢ ᠤᠯᠤᠰ ᠤᠨ ᠠᠯᠮᠠᠰ ᠤᠨ ᠵᠠᠬᠠ ᠲᠡᠯᠭᠡᠭᠦᠷ ᠢ ᠭᠠᠭᠴᠠᠭᠠᠷ ᠡᠵᠡᠮᠰᠢᠵᠡᠢ᠃ | ᠠᠯᠮᠠᠰ ᠴᠢᠯᠠᠭᠤᠨ ᠤ ᠡᠳ᠋ᠯᠡᠯ ᠤᠨ ᠦᠨᠡ ᠬᠠᠩᠰᠢ ᠪᠠᠭᠤᠷᠠᠬᠤ ᠠᠴᠠ ᠰᠡᠷᠭᠡᠶᠢᠯᠡᠵᠦ᠂ ᠷᠤᠳᠧᠰ ᠠᠯᠮᠠᠰ ᠤᠨ ᠠᠭᠤᠷᠬᠠᠢ ᠶᠢᠨ | ᠭᠠᠷᠤᠯᠳᠠ ᠪᠠᠨ ᠴᠢᠩᠭᠠ ᠬᠢᠵᠠᠭᠠᠷᠯᠠᠬᠰᠠᠨ ᠪᠠᠶᠢᠵᠠᠢ᠃ ᠭᠡᠪᠠᠴᠤ ᠤᠳᠠᠯ ᠦᠭᠡᠢ ᠠᠯᠮᠠᠰ ᠡᠳ᠋ᠯᠡᠯ ᠤᠨ ᠵᠠᠬᠠ ᠲᠡᠯᠭᠡᠭᠦᠷ ᠨᠢ ᠬᠠᠨᠤᠮᠠᠯ | ᠪᠠᠶᠢᠳᠠᠯ ᠳᠤ ᠤᠷᠤᠭᠰᠠᠨ ᠪᠠᠶᠢᠨᠠ᠃ ᠷᠤᠳᠧᠰ ᠵᠠᠬᠠ ᠲᠡᠯᠭᠡᠭᠦᠷ ᠤᠨ ᠪᠠᠶᠢᠴᠠᠭᠠᠯᠳᠠ ᠪᠠᠷ ᠲᠠᠮᠵᠢᠨ ᠲᠤᠬᠠᠢ ᠶᠢᠨ ᠦᠶᠡ ᠶᠢᠨ ᠬᠤᠳᠠᠯᠳᠤᠨ | ᠠᠪᠤᠬᠴᠢᠳ ᠶᠡᠷᠦ ᠨᠢ ᠠᠯᠮᠠᠰ ᠡᠳ᠋ᠯᠡᠯ ᠢ ᠤᠷᠳᠤ ᠬᠤᠭᠤᠴᠠᠭᠠ ᠪᠠᠷ ᠬᠠᠳᠠᠭᠠᠯᠠᠬᠤ ᠲᠦᠯᠦᠪᠯᠡᠭᠡ ᠦᠭᠡᠢ ᠪᠠᠶᠢᠵᠤ᠂ ᠨᠢᠭᠡ ᠵᠠᠷᠭᠡ ᠡᠳ᠋ᠯᠡᠪᠡᠯ | ᠪᠤᠰᠤᠳ ᠲᠤ ᠬᠤᠳᠠᠯᠳᠤᠳᠠᠭ ᠤᠴᠢᠷ ᠠᠴᠠ ᠠᠯᠮᠠᠰ ᠤᠨ ᠵᠠᠬᠠ ᠲᠡᠯᠭᠡᠭᠦᠷ ᠤᠨ ᠬᠡᠷᠡᠭᠴᠡᠭᠡ ᠨᠢ ᠲᠦᠢᠯ ᠤᠨ ᠶᠡᠭᠡ ᠪᠠᠷ ᠪᠠᠭᠤᠷᠠᠬᠤ | ᠬᠠᠨᠳᠤᠰᠢ ᠲᠠᠢ ᠪᠤᠯᠤᠭᠰᠠᠨ ᠢ ᠤᠢᠢᠯᠠᠭᠠᠬᠰᠠᠨ ᠪᠠᠶᠢᠨᠠ᠃ ᠷᠤᠳᠧᠰ᠄ ︽ᠺᠤᠮᠫᠠᠨᠢ ᠶᠢᠨ ᠦᠢᠯᠡᠳᠪᠦᠷᠢᠯᠡᠭᠰᠡᠨ ᠠᠯᠮᠠᠰ ᠤᠨ ᠡᠳ᠋ᠯᠡᠯ | ᠪᠦᠬᠦᠨ ᠳᠤ ᠦᠪᠡᠷ ᠤᠨ ᠬᠢᠨ ᠭᠡᠰᠡᠨ ᠠᠩᠬᠢᠳᠠ ᠤᠳᠬᠠ ᠠᠭᠤᠯᠭᠠ ᠤᠯᠭᠤᠪᠠᠯ ᠰᠠᠶ᠋ᠢ ᠬᠦᠮᠦᠰ ᠤᠨ ᠬᠤᠳᠠᠯᠳᠤᠨ ᠠᠪᠬᠤ ᠤᠷᠮᠠᠰᠢᠯ ᠢ | ᠬᠦᠪᠴᠢᠯᠡᠵᠦ ᠴᠢᠳᠠᠬᠤ ᠮᠦᠷᠳᠡᠭᠡᠨ ᠤᠷᠳᠤ ᠬᠤᠭᠤᠴᠠᠭᠠ ᠪᠠᠷ ᠨᠠᠨᠳᠢᠩᠨᠠᠨ ᠭᠠᠮᠨᠠᠬᠤ ᠪᠤᠯᠤᠨᠠ᠃ ᠲᠡᠭᠡᠪᠡᠯ ᠶᠠᠭᠤ ᠨᠢ ᠪᠤᠰᠤᠳ ᠲᠠᠢ | ᠬᠤᠪᠢᠶᠠᠯᠴᠠᠵᠤ ᠪᠤᠯᠬᠤ ᠦᠭᠡᠢ ᠶᠢᠷᠳᠢᠨᠴᠤ ᠳᠤ ᠬᠤᠤᠰ ᠦᠭᠡᠢ ᠵᠦᠢᠯ ᠪᠤᠢ ᠭᠡᠪᠡᠯ ᠢᠨᠠᠭ ᠬᠠᠶᠢᠷᠠ ᠪᠠᠶᠢᠯᠭᠦᠢ︾ ᠭᠡᠵᠦ ᠪᠤᠳᠤᠯᠬᠢᠯᠠᠵᠠᠢ᠃ | ᠷᠤᠳᠧᠰ ᠠᠯᠮᠠᠰ ᠡᠳ᠋ᠯᠡᠯ ᠤᠨ ᠵᠡᠷ ᠤᠬᠠᠭᠤᠯᠭᠠ ᠳᠤ ᠶᠡᠬᠡᠭᠡᠨ ᠪᠡᠯᠡ ᠮᠦᠩᠭᠦ ᠵᠠᠷᠤᠴᠠᠭᠤᠯᠵᠤ᠂ ᠪᠠᠳᠤ ᠪᠠᠬᠢ ᠲᠤᠬᠳᠠᠭᠤᠨ | ᠴᠢᠨᠠᠷᠳᠠᠢ ᠠᠯᠮᠠᠰ ᠡᠳ᠋ᠯᠡᠯ ᠢ ᠢᠷᠠᠭᠤ ᠰᠠᠶᠢᠬᠠᠨ ᠦᠨᠢ ᠮᠦᠩᠭᠡ ᠢᠨᠠᠭ ᠬᠠᠶᠢᠷᠠ ᠲᠠᠢ ᠬᠤᠯᠪᠤᠬᠳᠠᠭᠤᠯᠵᠤ᠂ ᠠᠯᠮᠠᠰ ᠲᠤ ︽ᠰᠠᠶᠢᠨ | ᠰᠠᠶᠢᠬᠠᠨ︾ ᠪᠠ ︽ᠦᠨᠢ ᠮᠦᠩᠭᠡ︾ ᠭᠡᠬᠦ ᠤᠳᠬᠠ ᠠᠭᠤᠯᠭᠠ ᠤᠯᠭᠤᠵᠤ᠂ ᠠᠯᠮᠠᠰ ᠤᠨ ᠰᠤᠶᠤᠯ ᠢ ᠪᠤᠢ ᠪᠤᠯᠭᠠᠬᠤ ᠪᠠᠷ ᠴᠢᠷᠮᠠᠶᠢᠬᠰᠠᠨ | ᠪᠠᠶᠢᠨᠠ᠃ ᠰᠠᠨᠠᠭᠰᠠᠨ ᠠᠴᠠ ᠭᠠᠳᠠᠭᠤᠷ ᠦᠭᠡᠢ᠂ ᠡᠨᠡᠬᠦ ᠵᠠᠷ ᠤᠬᠠᠭᠤᠯᠭᠠ ᠨᠢ ᠨᠡᠶᠢᠭᠡᠮ ᠨᠡᠶᠢᠳᠡ ᠳᠤ ᠶᠡᠭᠡ ᠨᠦᠯᠦᠭᠡ ᠲᠤᠰᠬᠠᠯ | ᠠᠪᠴᠢᠷᠠᠵᠤ᠂ ᠠᠯᠮᠠᠰ ᠨᠢ ᠦᠨᠢ ᠮᠦᠩᠬᠡ ᠶᠢᠨ ᠬᠠᠶᠢᠷᠠ ᠶᠢᠨ ᠲᠦᠯᠦᠭᠡᠯᠡᠭᠴᠢ ᠡᠳ᠋ ᠪᠤᠯᠵᠤ᠂ ᠬᠤᠳᠠᠯᠳᠤᠨ ᠠᠪᠤᠬᠴᠢᠳ ᠦᠪᠡᠷ ᠤᠨ | ᠠᠯᠮᠠᠰ ᠡᠳ᠋ᠯᠡᠯ ᠢᠶᠠᠨ ᠲᠠᠬᠢᠨ ᠲᠠᠮᠵᠢᠭᠤᠯᠤᠨ ᠬᠤᠳᠠᠯᠳᠤᠬᠤ ᠪᠠᠨ ᠪᠤᠯᠢᠵᠤ᠂ ᠨᠡᠭᠡᠷᠡᠨ ᠦᠷᠦᠭᠡᠯ ᠪᠤᠰᠤᠳ ᠲᠤ ᠬᠤᠳᠠᠯᠳᠤᠴᠢᠬᠠᠶᠠ ᠭᠡᠰᠠᠨ | ᠴᠤ ᠬᠤᠳᠠᠯᠳᠤᠨ ᠠᠪᠤᠬᠴᠢᠳ ᠲᠤᠩ ᠴᠦᠭᠡᠨ ᠪᠤᠯᠵᠠᠢ᠃ ᠡᠶᠢᠨᠬᠦ ᠤᠯᠠᠨ ᠲᠦᠮᠡᠨ ᠤ ᠬᠡᠷᠡᠭᠴᠡᠭᠡ ᠨᠢ ᠮᠡᠳᠡᠭᠳᠡᠮᠡ ᠲᠡᠭᠡᠭᠰᠢᠯᠡᠵᠦ᠂ | ᠷᠤᠳᠧᠰ ᠪᠠᠰᠠ ᠦᠨᠡ ᠳᠤ ᠬᠦᠷᠬᠦ ᠶᠡᠭᠡ ᠠᠯᠮᠠᠰ ᠢ ᠪᠠᠶᠠᠨ ᠡᠷᠬᠢᠮᠳᠡᠨ ᠳᠤ ᠬᠤᠳᠠᠯᠳᠤᠵᠤ᠂ ᠵᠦᠰᠦᠵᠦ ᠬᠡᠮᠳᠦᠷᠡᠭᠰᠡᠨ ᠵᠢᠵᠢᠭᠭᠡᠨ ᠠᠯᠮᠠᠰ ᠢ | ᠪᠤᠯᠪᠠᠰᠤᠷᠠᠭᠤᠯᠤᠨ ᠦᠢᠯᠡᠳᠪᠦᠷᠢᠯᠡᠵᠦ ᠪᠠᠶᠢᠭᠠᠳ ᠡᠭᠡᠯ ᠵᠢᠷ ᠤᠨ ᠬᠦᠮᠦᠰ ᠤᠨ ᠬᠡᠷᠡᠭᠴᠡᠭᠡ ᠶᠢ ᠬᠠᠩᠭᠠᠬᠰᠠᠨ ᠪᠠᠶᠢᠨᠠ᠃ | ᠠᠮᠧᠷᠢᠺᠠ ᠶᠢᠨ ᠨᠡᠷᠡᠳᠦ ᠰᠡᠳᠭᠦᠯ ᠳ᠋ᠧᠪᠢᠷᠰᠧ ᠶᠢᠨ ᠵᠠᠷ ᠤᠬᠠᠭᠤᠯᠭᠠ ᠶᠢᠨ ᠠᠮᠵᠢᠯᠳᠠ ᠶᠢ ᠳ᠋ᠦᠩᠨᠡᠬᠦ ᠳᠡᠭᠡᠨ᠄ ︽ᠷᠤᠳᠧᠰ ᠨᠢᠭᠡ | ᠵᠦᠢᠯ ᠤᠨ ᠠᠯᠮᠠᠰ ᠴᠢᠯᠠᠭᠤ ᠪᠠᠷ ᠬᠠᠶᠢᠷᠠ ᠰᠡᠳᠬᠢᠯᠭᠡ ᠪᠠᠨ ᠢᠯᠡᠳᠭᠡᠬᠦ ᠤᠬᠠᠬᠳᠠᠬᠤᠨ ᠢ ᠪᠤᠢ ᠪᠤᠯᠭᠠᠵᠤ᠂ ᠠᠯᠮᠠᠰ ᠤᠨ ᠰᠤᠶᠤᠯ ᠤᠨ | ᠡᠭᠦᠰᠭᠡᠨ ᠪᠠᠶᠢᠭᠤᠯᠤᠬᠴᠢ ᠪᠤᠯᠵᠠᠢ᠂ ᠲᠡᠷᠡ ᠪᠠᠷ ᠭᠦᠮᠦᠰ ᠲᠤ ᠦᠪᠡᠷ ᠤᠨ ᠬᠠᠶᠢᠷᠠ ᠲᠤᠷᠠᠯᠠᠯ ᠢᠶᠠᠨ ᠢᠯᠡᠳᠭᠡᠬᠦ ᠳᠤ ᠠᠯᠮᠠᠰ ᠭᠡᠷᠡᠭᠳᠡᠢ | ᠭᠡᠰᠡᠨ ᠤᠢᠢᠯᠠᠭᠠᠯᠳᠠ ᠶᠢ ᠪᠤᠢ ᠪᠤᠯᠭᠠᠬᠰᠠᠨ ᠪᠠᠶᠢᠨᠠ︾ ᠬᠡᠪᠡ᠃ | ︽ᠪᠥᠮᠪᠥᠷᠴᠡᠭ ᠤᠨ ᠬᠥᠮᠥᠨ︾ ᠰᠡᠳᠬᠦᠯ ᠠᠴᠠ ᠤᠷᠴᠢᠭᠤᠯᠪᠠ | |