ᠤᠯᠠᠬᠴᠢᠨ ᠲᠠᠬᠢᠶᠠ ᠵᠢᠯ ᠤᠨ ᠲᠦᠪ ᠲᠧᠯᠸᠢᠰ ᠤᠨ ᠴᠠᠭᠠᠨ ᠰᠠᠷᠠ ᠶᠢᠨ ᠦᠳᠡᠰᠢᠯᠡᠭᠡ ᠳᠤ᠂ ᠬᠦᠳᠦᠯᠦᠭᠴᠢ ᠶᠢᠨ ᠲᠠᠭᠠᠭᠤᠯᠭᠠ | ᠲᠤᠤᠷᠠ ᠪᠦᠬᠦ ᠲᠠᠯᠠᠪᠠᠢ ᠶᠢᠨ ᠦᠵᠡᠭᠴᠢᠳ ᠬᠠᠮᠳᠤᠪᠠᠷ ᠲᠠᠭᠤᠤ ᠲᠠᠭᠤᠯᠠᠵᠤ᠂ ᠸᠠᠩ ᠳ᠋ᠢᠩ ᠭᠦᠸᠧ ᠨᠠᠰᠤᠳᠠᠨ ᠤ 105 ᠨᠠᠰᠤᠨ ᠤ | ᠲᠦᠷᠦᠭᠰᠡᠨ ᠡᠳᠦᠷ ᠤᠨ ᠪᠠᠶᠠᠷ ᠢ ᠪᠡᠯᠭᠡᠯᠡᠭᠰᠡᠨ ᠳᠤ ᠨᠠᠰᠤᠳᠠᠨ ᠤ ᠨᠢᠳᠤᠨ ᠳᠤ ᠨᠢᠯᠪᠤᠰᠤ ᠮᠡᠯᠳᠡᠭᠡᠨᠡᠵᠡᠢ ᠁ ᠡᠨᠡᠬᠦ ᠲᠤᠷᠭᠠᠨ ᠭᠱᠠᠨ ᠨᠢ | ᠪᠦᠬᠦ ᠤᠯᠤᠰ ᠤᠨ ᠦᠷᠭᠡᠨ ᠤᠯᠠᠨ ᠦᠵᠡᠭᠴᠢᠳ ᠤᠨ ᠰᠡᠳᠬᠢᠯ ᠳᠤ ᠬᠦᠨ ᠰᠠᠭᠤᠬᠳᠠᠯ ᠦᠯᠡᠳᠡᠭᠡᠭᠰᠡᠨ ᠪᠠᠶᠢᠨᠠ᠃ | ᠦᠳᠡᠰᠢᠯᠡᠭᠡ ᠲᠡᠭᠡᠷᠡ 105 ᠨᠠᠰᠤᠳᠠᠢ ᠸᠠᠩ ᠳ᠋ᠢᠩ ᠭᠦᠸᠧ ᠨᠠᠰᠤᠳᠠᠨ ᠪᠠᠰᠠ ︽ᠤᠯᠠᠭᠠᠨ ᠴᠡᠷᠢᠭ ᠲᠦᠮᠡᠨ | ᠨᠠᠰᠤᠯᠠᠳᠤᠭᠠᠢ︾ ᠭᠡᠬᠦ ᠤᠷᠠᠨ ᠪᠢᠴᠢᠯᠭᠡ ᠶᠢᠨ ᠪᠦᠳᠦᠭᠡᠯ ᠢᠶᠠᠨ ᠡᠷᠭᠦᠵᠦ ᠴᠢᠩ ᠰᠡᠳᠬᠢᠯ ᠤᠨ ᠲᠤᠭᠳᠤᠯᠤᠯ ᠢᠶᠠᠨ ᠢᠯᠡᠳᠭᠡᠵᠡᠢ᠃ ᠡᠨᠡ ᠬᠦ | ᠪᠢᠴᠢᠭᠡᠰᠦ ᠳᠤ ᠪᠠᠰᠠ ᠨᠠᠰᠤᠳᠠᠨ ᠤ ᠰᠠᠶᠢᠨ ᠰᠠᠶᠢᠬᠠᠨ ᠢᠨᠠᠭ ᠲᠤᠷᠠᠯᠠᠯ ᠤᠨ ᠦᠯᠢᠭᠡᠷ ᠠᠬᠤᠭᠤᠯᠤᠭᠳᠠᠵᠤ ᠪᠠᠶᠢᠯᠠ᠃ | 1913 ᠤᠨ ᠤ 2 ᠰᠠᠷᠠ ᠶᠢᠨ 4 ᠤ ᠡᠳᠦᠷ᠂ ᠸᠠᠩ ᠳ᠋ᠢᠩ ᠭᠦᠸᠧ ᠰᠧᠴᠤᠸᠠᠨ ᠮᠤᠵᠢ ᠶᠢᠨ ᠶᠢᠩ ᠱᠠᠨ ᠰᠢᠶᠠᠨ ᠤ ᠨᠢᠭᠡ | ᠭᠦᠯᠦᠰᠦᠨ ᠲᠠᠷᠢᠶᠠᠴᠢᠨ ᠤ ᠭᠡᠷ ᠲᠤ ᠲᠦᠷᠦᠵᠡᠢ᠃ ᠲᠠᠶᠢᠨ ᠲᠠᠵᠢᠨ ᠲᠡᠭᠳᠡᠭᠰᠡᠨ ᠤᠷᠪᠠᠭᠠᠨ ᠬᠦᠷᠪᠡᠭᠡᠨ ᠲᠠᠢ ᠴᠠᠭ ᠦᠶᠡ ᠳᠤ | ᠲᠦᠷᠦᠭᠰᠡᠨ ᠸᠠᠩ ᠳ᠋ᠢᠩ ᠭᠦᠸᠧ ᠭᠡᠷ ᠤᠨ ᠲᠠᠷᠤᠭᠠᠰᠤ ᠪᠠᠨ ᠬᠦᠩᠭᠡᠯᠡᠬᠦ ᠭᠡᠵᠦ ᠵᠢᠷᠭᠤᠭᠠ ᠲᠤᠯᠤᠭᠠᠨ ᠨᠠᠰᠤᠳᠠᠢ ᠠᠴᠠ ᠪᠠᠨ ᠡᠬᠢᠯᠡᠵᠦ | ᠲᠠᠷᠢᠶᠠᠨ ᠠᠵᠢᠯ ᠳᠤ ᠤᠷᠤᠯᠴᠠᠵᠤ ᠪᠠᠶᠢᠬᠰᠠᠨ᠃ ᠭᠡᠪᠡᠴᠤ ᠦᠢᠯᠡ ᠢᠷᠡᠬᠦ ᠳᠤ ᠠᠭᠤᠯᠠ ᠨᠤᠷᠠᠬᠤ ᠬᠡᠭᠴᠢ ᠪᠠᠷ ᠠᠪᠤ ᠨᠢ ᠬᠡᠳᠦ | ᠵᠦᠳᠡᠷᠡᠭᠰᠡᠨ ᠠᠴᠠ ᠡᠪᠡᠳᠴᠢᠨ ᠢᠶᠠᠷ ᠨᠠᠰᠤ ᠪᠠᠷᠠᠵᠠᠢ᠂ ᠭᠠᠷ ᠨᠤᠬᠤᠯᠤᠨ ᠭᠠᠴᠢᠭᠳᠠᠭᠰᠠᠨ ᠡᠵᠢ ᠨᠢ ᠠᠷᠭᠠ ᠪᠤᠰᠤ ᠭᠤᠷᠪᠠᠨ ᠨᠠᠰᠤᠳᠠᠢ | ᠨᠢᠯᠬᠠ ᠲᠡᠭᠦᠦ ᠶᠢ ᠨᠢ ᠬᠤᠳᠠᠯᠳᠤᠵᠤ ᠠᠪᠤ ᠶᠢ ᠨᠢ ᠤᠷᠤᠰᠢᠭᠤᠯᠬᠤ ᠵᠤᠭᠤᠰ ᠰᠤᠯᠢᠵᠠᠢ᠃ ᠶᠠᠳᠠᠭᠤ ᠵᠦᠳᠡᠬᠦᠦ ᠠᠮᠢᠳᠤᠷᠠᠯ ᠢ | ᠠᠷᠭᠠᠴᠠᠭᠠᠭᠰᠠᠭᠠᠷ ᠸᠠᠩ ᠳ᠋ᠢᠩ ᠭᠦᠸᠧ 15 ᠨᠠᠰᠤᠳᠠᠢ ᠳᠠᠭᠠᠨ ᠲᠡᠵᠢᠭᠡᠪᠦᠷᠢ ᠪᠠᠷᠢ ᠪᠤᠯᠵᠤ ᠵᠡᠷᠭᠡᠯᠡᠳᠡᠭᠡ ᠲᠤᠰᠬᠤᠨ ᠳᠠᠭᠠᠨ | ᠬᠤᠳᠠᠯᠳᠤᠬᠳᠠᠭᠰᠠᠨ ᠪᠠᠶᠢᠨᠠ᠃ | 1931 ᠤᠨ ᠳᠤ ᠵᠤᠯ ᠢᠶᠠᠷ ᠶᠠᠩ ᠺᠡ ᠮᠢᠩ ᠮᠡᠳᠦ ᠶᠢᠨ ᠨᠢᠭᠡ ᠪᠦᠯᠦᠭ ᠲᠠᠪᠰᠢᠩᠭᠤᠢ ᠰᠡᠭᠡᠭᠡᠳᠡᠳ ᠲᠠᠢ ᠤᠴᠠᠷᠠᠵᠤ᠂ | ᠲᠡᠳᠡᠨᠦᠰ ᠸᠠᠩ ᠳ᠋ᠢᠩ ᠬᠦᠸᠧ ᠳᠤ ︽ᠡᠮᠡᠭᠳᠡᠢ ᠬᠦᠮᠦᠨ ᠭᠦᠯ ᠤᠨ ᠤᠷᠢᠶᠠᠯᠳᠠ ᠦᠭᠡᠢ᠂ ᠡᠮᠡᠭᠳᠡᠢ ᠬᠦᠮᠦᠨ ᠪᠠᠰᠠ ᠨᠤᠮ ᠤᠩᠰᠢᠵᠤ | ᠪᠤᠯᠳᠠᠭ ᠁︾ ᠰᠢᠨᠡ ᠶᠢᠷᠳᠢᠨᠴᠤ ᠶᠢ ᠵᠢᠷᠤᠭᠯᠠᠵᠤ ᠦᠭᠪᠡ᠃ ᠲᠡᠷᠡ ᠡᠷᠬᠡ ᠲᠡᠭᠰᠢ ᠪᠡ ᠡᠷᠬᠡ ᠴᠢᠯᠦᠭᠡ ᠶᠢᠨ ᠲᠤᠬᠠᠢ ᠠᠩᠬᠠ | ᠠᠯᠬᠤᠮ ᠤᠨ ᠲᠠᠨᠢᠯᠳᠠ ᠲᠠᠢ ᠪᠤᠯᠵᠤ᠂ ᠤᠷᠤᠭ ᠰᠦᠢ ᠪᠠᠨ ᠪᠤᠴᠠᠭᠠᠵᠤ᠂ ᠤᠷᠳᠤ ᠭᠡᠵᠢᠭᠡ ᠪᠠᠨ ᠬᠠᠶᠢᠴᠢᠯᠠᠵᠤ᠂ ᠬᠦᠯ ᠤᠨ | ᠤᠷᠢᠶᠠᠯᠳᠠ ᠪᠠᠨ ᠬᠠᠶᠠᠵᠤ᠂ ᠦᠴᠦᠭᠡᠨ ᠴᠤ ᠡᠷᠡᠭᠡᠯᠵᠡᠯ ᠲᠠᠳᠠᠭᠠᠯᠵᠠᠯ ᠦᠭᠡᠢ ᠪᠠᠷ 400 ᠢᠯᠡᠭᠦᠦ ᠬᠦᠮᠦᠨ ᠲᠠᠢ ᠬᠠᠮᠳᠤ | ᠡᠮᠡᠭᠳᠡᠶᠢᠴᠦᠳ ᠤᠨ ᠲᠤᠰᠠᠭᠠᠷ ᠪᠠᠲ᠋ᠠᠯᠢᠶᠤᠨ ᠤ ᠨᠢᠭᠡ ᠭᠡᠰᠢᠭᠦᠨ ᠪᠤᠯᠵᠤ ᠬᠤᠪᠢᠰᠬᠠᠯ ᠳᠤ ᠤᠷᠤᠯᠴᠠᠬᠰᠠᠨ ᠪᠦᠭᠡᠳ ᠨᠢᠭᠡ ᠵᠢᠯ ᠤᠨ | ᠲᠠᠷᠠᠭᠠ ᠲᠤᠰ ᠪᠠᠲ᠋ᠠᠯᠢᠶᠤᠨ ᠤ ᠲᠠᠷᠤᠭᠠ ᠪᠤᠯᠤᠬᠰᠠᠨ ᠪᠠᠶᠢᠨᠠ᠃ ᠡᠭᠡᠯ ᠵᠢᠷ ᠤᠨ ᠲᠠᠷᠢᠶᠠᠴᠢᠨ ᠪᠦᠰᠡᠭᠦᠢ ᠠᠴᠠ ᠪᠠᠲ᠋ᠠᠯᠢᠶᠤᠨ ᠤ ᠲᠠᠷᠤᠭᠠ | ᠪᠤᠯᠤᠬᠰᠠᠨ ᠨᠢ ᠲᠡᠭᠦᠨ ᠤ ᠡᠷᠬᠡ ᠴᠢᠯᠦᠭᠡ᠂ ᠡᠷᠬᠡ ᠲᠡᠭᠰᠢ ᠶᠢ ᠬᠦᠭᠡᠭᠡᠴᠡᠯᠳᠦᠭᠰᠡᠨ ᠰᠦᠰᠦ ᠵᠤᠷᠢᠭ ᠢ ᠢᠯᠡᠷᠡᠭᠦᠯᠦᠭᠰᠡᠨ ᠪᠠᠶᠢᠨᠠ᠃ | 1933 ᠤᠨ ᠳᠤ ᠸᠠᠩ ᠳ᠋ᠢᠩ ᠭᠦᠸᠧ ᠲᠤᠮᠳᠠᠳᠤ ᠤᠯᠤᠰ ᠤᠨ ᠡᠪ ᠬᠠᠮᠳᠤ ᠨᠠᠮ ᠤᠨ ᠭᠡᠰᠢᠭᠦᠨ ᠪᠤᠯᠵᠤ᠂ 1935 | ᠤᠨ ᠳᠤ ᠤᠯᠠᠭᠠᠨ ᠴᠡᠷᠢᠭ ᠤᠨ ᠤᠷᠳᠤ ᠵᠠᠮ ᠤᠨ ᠠᠶᠠᠨ ᠲᠠᠶᠢᠨ ᠳᠤ ᠤᠷᠤᠯᠴᠠᠬᠰᠠᠨ ᠪᠢᠯᠠ᠃ | 1935 ᠤᠨ ᠤ 6 ᠰᠠᠷᠠ ᠶᠢᠨ ᠨᠢᠭᠡ ᠡᠳᠦᠷ᠂ ᠸᠠᠩ ᠳ᠋ᠢᠩ ᠭᠦᠸᠧ ᠭᠤᠤᠯ ᠤᠨ ᠬᠦᠪᠡᠭᠡᠨ ᠳᠤ ᠬᠤᠪᠴᠠᠰᠤ ᠤᠬᠢᠶᠠᠵᠤ | ᠪᠠᠶᠢᠬᠤ ᠳᠤ᠂ ᠨᠢᠭᠡ ᠠᠬᠠᠮᠠᠳ ᠬᠤᠪᠢᠰᠬᠠᠯᠴᠢ ᠶᠢᠨ ᠮᠠᠶ᠋ᠢᠭ ᠲᠠᠢ ᠬᠦᠮᠦᠨ ᠬᠠᠵᠠᠭᠤ ᠳᠤᠨᠢ ᠬᠦᠷᠴᠦ ᠢᠷᠡᠭᠡᠳ᠄ ︽ᠨᠦᠭᠦᠷ ᠡ᠂ ᠮᠠᠨ ᠤ | ᠴᠡᠷᠢᠭ ᠤᠳᠠᠯ ᠦᠭᠡᠢ ᠴᠠᠰᠤᠳᠤ ᠠᠭᠤᠯᠠ ᠶᠢ ᠲᠠᠪᠠᠭ᠋ᠤ ᠭᠡᠵᠦ ᠪᠠᠶᠢᠨᠠ᠂ ᠴᠢ ᠨᠠᠮᠠᠢᠢ ᠬᠠᠪᠰᠤᠷᠴᠤ ᠡᠨᠡ ᠬᠤᠶᠠᠷ ᠲᠠᠩ ᠬᠤᠪᠴᠠᠰᠤ ᠶᠢᠨ | ᠲᠤᠮᠳᠠ ᠨᠢ ᠬᠤᠨᠢᠨ ᠨᠤᠤᠰᠤ ᠬᠠᠪᠴᠢᠭᠤᠯᠵᠤ ᠨᠢᠭᠡ ᠨᠤᠤᠰᠤᠨ ᠴᠠᠮᠴᠠ ᠨᠦᠭᠦᠭᠡᠳ ᠦᠭᠬᠦ ᠪᠤᠯᠪᠠᠤ︖︾ ᠬᠡᠰᠡᠨ ᠳᠤ᠂ ᠸᠠᠩ ᠳ᠋ᠢᠩ | ᠬᠦᠸᠧ ︽ᠪᠤᠯᠤᠨᠠ᠂ ᠮᠠᠷᠭᠠᠰᠢ ᠲᠠᠨ ᠳᠤ ᠬᠦᠷᠭᠡᠵᠦ ᠦᠭᠭᠦᠶᠡ︾ ᠭᠡᠵᠦ ᠰᠢᠯᠤᠭᠤᠬᠠᠨ ᠬᠦᠯᠢᠶᠡᠵᠦ ᠠᠪᠴᠠᠢ᠃ | ᠡᠨᠡ ᠬᠦᠮᠦᠨ ᠨᠢ ᠲᠠᠷᠤᠢ ᠮᠠᠤ ᠲᠡᠷᠢᠭᠦᠯᠡᠭᠴᠢ ᠪᠡ ᠨᠠᠮ ᠤᠨ ᠲᠦᠪ ᠬᠤᠷᠢᠶᠠ ᠳᠤ ︽ᠶᠠᠨ ᠠᠨ ᠤ ᠲᠠᠪᠤᠨ ᠠᠬᠠᠮᠠᠳ | ᠬᠤᠪᠢᠰᠬᠠᠯᠴᠢ︾ ᠶᠢᠨ ᠨᠢᠭᠡ ᠪᠠᠷ ᠨᠡᠷᠡᠶᠢᠳᠦᠭᠳᠡᠭᠰᠡᠨ ᠰᠢᠶᠧ ᠵᠢᠤᠢ ᠽᠠᠢ ᠨᠦᠭᠦᠷ ᠪᠤᠯᠤᠨᠠ᠃ ᠰᠢᠶᠧ ᠵᠢᠤᠢ ᠽᠠᠢ ᠪᠤᠯ ᠮᠠᠤ ᠽᠧ | ᠳ᠋ᠥ᠋ᠩ ᠲᠠᠢ ᠬᠠᠮᠳᠤ ᠴᠠᠩᠱᠠ ᠶᠢᠨ ᠨᠢᠭᠡᠳᠦᠭᠡᠷ ᠪᠠᠭᠰᠢ ᠶᠢᠨ ᠪᠠᠭᠠ ᠰᠤᠷᠭᠠᠭᠤᠯᠢ ᠳᠤ ᠪᠠᠭᠰᠢᠯᠠᠵᠤ ᠪᠠᠶᠢᠬᠰᠠᠨ ᠬᠠᠭᠤᠴᠢᠨ ᠲᠠᠨᠢᠯ ᠮᠦᠨ᠂ | ᠶᠡᠭᠡ ᠮᠡᠳᠡᠯᠭᠡ ᠲᠠᠢ ᠪᠠᠭᠰᠢᠳᠠᠨ ᠲᠤᠯᠠ ᠤᠯᠠᠨ ᠤ ᠬᠦᠨᠳᠦᠳᠬᠡᠯ ᠢ ᠬᠦᠨ ᠤᠯᠤᠬᠰᠠᠨ ᠠᠬᠠᠮᠠᠳ ᠬᠤᠪᠢᠰᠬᠠᠯᠴᠢ ᠮᠦᠨ᠃ ᠡᠶᠢᠨᠬᠦ | ᠨᠤᠤᠰᠤᠨ ᠴᠠᠮᠴᠠ ᠨᠢ ᠵᠠᠭᠤᠴᠢ ᠪᠤᠯᠵᠤ᠂ ᠸᠠᠩ ᠳ᠋ᠢᠩ ᠬᠦᠸᠧ ᠪᠠ ᠰᠢᠶᠧ ᠵᠢᠶᠤᠢ ᠽᠠᠢ ᠠᠩᠬᠠ ᠲᠠᠨᠢᠯᠴᠠᠬᠰᠠᠨ ᠪᠠᠶᠢᠨᠠ᠃ | 1937 ᠤᠨ ᠤ 10 ᠰᠠᠷᠠ ᠳᠤ᠂ ᠨᠠᠮ ᠵᠠᠰᠠᠭ ᠤᠨ ᠲᠤᠬᠢᠷᠠᠭᠤᠯᠭᠠ ᠪᠤᠯᠤᠨ ᠬᠠᠪᠰᠤᠷᠤᠯᠭᠠ ᠲᠤᠤᠷᠠ᠂ ᠸᠠᠩ ᠳ᠋ᠢᠩ ᠭᠦᠸᠧ | ᠪᠠ ᠰᠢᠶᠧ ᠵᠢᠤᠢ ᠽᠠᠢ ᠯᠠᠨᠵᠸᠦ ᠶᠢᠨ ᠨᠢᠭᠡ ᠲᠠᠰᠤᠯᠭᠠ ᠰᠢᠷᠤᠢ ᠶᠢᠨ ᠭᠡᠷ ᠲᠤ ᠤᠷᠤᠭ ᠪᠠᠷᠢᠯᠳᠤᠵᠤ ᠬᠤᠪᠢᠰᠬᠠᠯᠳᠤ ᠭᠡᠷ ᠪᠦᠯᠢ ᠶᠢ | ᠪᠠᠶᠢᠭᠤᠯᠵᠠᠢ᠃ ᠠᠩᠬᠠ ᠡᠬᠢᠨ ᠳᠡᠭᠡᠨ ᠸᠠᠩ ᠳ᠋ᠢᠩ ᠬᠦᠸᠧ 29 ᠨᠠᠰᠤ ᠠᠬᠠ ᠰᠢᠶᠧ ᠵᠢᠤᠢ ᠽᠠᠢ ᠶᠢ ᠲᠤᠩ ᠬᠦᠨᠳᠦᠳᠭᠡᠨ ᠪᠢᠰᠢᠷᠡᠵᠦ ᠂ | ᠬᠠᠷᠭᠠᠯᠵᠠᠨ ᠠᠰᠠᠷᠠᠬᠤ ᠴᠢᠬᠤᠯᠠᠳᠠᠢ ᠤᠳᠤᠷᠢᠳᠤᠯᠭᠠ ᠭᠡᠵᠦ ᠦᠵᠡᠳᠡᠭ ᠪᠠᠶᠢᠵᠠᠢ᠃ ᠡᠶᠢᠮᠦ ᠠᠴᠠ ᠸᠠᠩ ᠳ᠋ᠢᠩ ᠭᠦᠸᠧ ᠠᠮᠢᠳᠤᠷᠠᠯ | ᠲᠤᠮᠳᠠ ᠶᠡᠷᠦ ᠨᠢ ᠦᠴᠦᠭᠡᠨ ᠭᠡᠰᠡᠨ ᠴᠦ ᠲᠤᠰᠠ ᠲᠡᠮ ᠪᠤᠯᠬᠤ ᠪᠠᠷ ᠴᠢᠷᠮᠠᠶᠢᠳᠠᠭ᠃ ᠨᠢᠭᠡ ᠡᠳᠦᠷ ᠲᠡᠷᠡ ᠰᠢᠶᠧ ᠵᠢᠤᠢ ᠽᠠᠢ ᠶᠢ | ᠬᠠᠪᠰᠤᠷᠴᠤ ᠰᠤᠨᠢᠨ ᠠᠪᠬᠤ ᠭᠡᠵᠦ ᠭᠤᠷᠪᠡ ᠤᠳᠠᠭᠠ ᠭᠦᠶᠦᠭᠰᠡᠨ ᠴᠤ ᠪᠤᠷᠤᠭᠤ ᠰᠤᠨᠢᠨ ᠢ ᠠᠪᠴᠤ ᠢᠷᠡᠭᠡᠳ ᠰᠠᠶ᠋ᠢ ᠦᠪᠡᠷ ᠤᠨ | ᠦᠰᠦᠭ ᠲᠠᠨᠢᠬᠤ ᠦᠭᠡᠢ ᠭᠡᠰᠡᠨ ᠢᠶᠠᠨ ᠮᠡᠳᠡᠷᠡᠵᠡᠢ᠂ ᠰᠢᠶᠧ ᠵᠢᠤᠢ ᠽᠠᠢ᠄ ︽ᠬᠠᠮᠢᠶᠠ ᠦᠭᠡᠢ᠂ ᠪᠢ ᠴᠢᠮᠠ ᠳᠤ ᠵᠢᠭᠠᠵᠤ ᠦᠭᠭᠦᠶᠡ︾ | ᠬᠡᠵᠦ ᠲᠠᠶᠢᠳᠬᠤᠷᠠᠭᠤᠯᠪᠠ᠃ ᠡᠷᠡ ᠡᠮᠡ ᠬᠤᠶᠠᠷ ᠤᠨ ᠬᠠᠶᠢᠷᠠ ᠰᠡᠳᠬᠢᠯᠭᠡ ᠡᠳᠦᠷ ᠢᠷᠡᠬᠦᠶᠡ ᠵᠤᠵᠠᠭᠠᠳᠴᠠᠢ᠃ | ᠲᠡᠬᠦᠨ ᠠᠴᠠ ᠬᠤᠶᠢᠰᠢ᠂ ᠰᠢᠶᠧ ᠵᠢᠤᠢ ᠽᠠᠢ ᠨᠢᠭᠡ ᠦᠰᠦᠭ ᠨᠢᠭᠡ ᠦᠰᠦᠭ ᠢᠶᠠᠷ ᠵᠠᠬᠠ ᠲᠠᠷᠠᠭᠠᠯᠠᠨ ᠬᠦᠯᠢᠴᠡᠩᠬᠦᠢ | ᠲᠠᠶᠢᠯᠪᠤᠷᠢᠯᠠᠵᠤ᠂ ᠨᠢᠭᠡᠳ ᠨᠢᠭᠡ ᠪᠠᠷ ᠵᠢᠭᠠᠨ ᠰᠤᠷᠭᠠᠬᠰᠠᠨ ᠪᠦᠭᠡᠳ ᠸᠠᠩ ᠳ᠋ᠢᠩ ᠭᠦᠸᠧ ᠶᠢᠨ ᠰᠢᠯᠦᠭ ᠵᠤᠬᠢᠶᠠᠨ ᠪᠢᠴᠢᠬᠦ᠂ ᠤᠷᠠᠨ | ᠪᠢᠴᠢᠯᠭᠡ ᠪᠤᠯᠪᠠᠰᠤᠷᠠᠬᠤ ᠶᠢ ᠴᠤ ᠬᠦᠳᠦᠯᠦᠨ ᠵᠢᠯᠤᠭᠤᠳᠤᠬᠰᠠᠨ ᠪᠠᠶᠢᠨᠠ᠃ ᠵᠠᠷᠢᠮ ᠳᠠᠭᠠᠨ ᠰᠢᠶᠧ ᠵᠢᠤᠢ ᠽᠠᠢ ᠠᠵᠢᠯ ᠢᠶᠠᠷ ᠭᠠᠳᠠᠬᠰᠢ | ᠭᠠᠷᠤᠬᠰᠠᠨ ᠴᠤ ᠸᠠᠩ ᠳ᠋ᠢᠩ ᠭᠦᠸᠧ ᠲᠠᠢ ᠵᠠᠬᠢᠳᠠᠯ ᠨᠡᠪᠳᠡᠷᠡᠵᠦ ᠦᠰᠦᠭ ᠲᠠᠷᠠᠭᠠᠯᠠᠨ ᠵᠠᠰᠠᠨ ᠵᠠᠯᠠᠷᠠᠭᠤᠯᠵᠤ᠂ ᠬᠠᠶᠢᠷᠠ ᠮᠦᠷᠦᠭᠡᠳᠦᠯ ᠢᠶᠠᠨ | ᠢᠯᠡᠷᠭᠡᠶᠢᠯᠡᠳᠡᠭ ᠪᠠᠶᠢᠵᠡᠢ᠃ ᠸᠠᠩ ᠳ᠋ᠢᠩ ᠭᠦᠸᠧ ᠪᠢᠰᠢᠷᠡᠯ ᠬᠦᠨᠳᠦᠳᠭᠡᠯ ᠠᠴᠠ ᠢᠨᠠᠭ ᠬᠠᠶᠢᠷᠠ ᠶᠢᠨ ᠰᠡᠳᠬᠢᠯᠭᠡ ᠬᠦᠪᠦᠷᠡᠨ | ᠰᠤᠶᠤᠭᠠᠯᠠᠵᠤ᠂ ᠬᠠᠶᠢᠷᠠᠯᠠᠬᠰᠠᠨ ᠬᠦᠮᠦᠨ ᠤ ᠪᠠᠨ ᠲᠡᠮᠵᠢᠯᠭᠡ ᠲᠤᠤᠷᠠ ᠨᠡᠩ ᠰᠢᠯᠢᠳᠡᠭ ᠪᠤᠯᠤᠬᠰᠠᠨ ᠪᠠᠶᠢᠨᠠ᠃ ᠸᠠᠩ ᠳ᠋ᠢᠩ ᠭᠦᠸᠧ | ᠦᠰᠦᠭ ᠪᠢᠴᠢᠭ ᠮᠡᠳᠡᠬᠦ ᠦᠭᠡᠢ ᠪᠠᠶᠢᠬᠰᠠᠨ ᠠᠴᠠ ᠰᠢᠶᠧ ᠵᠢᠤᠢ ᠽᠠᠢ ᠶᠢᠨ ᠠᠵᠢᠯ ᠤᠨ ᠲᠤᠷᠪᠢᠯᠢᠭ ᠲᠤᠰᠠᠯᠠᠬᠴᠢ ᠪᠤᠯᠵᠤ ᠨᠠᠰᠤ ᠪᠠᠷ ᠢᠶᠠᠨ | ᠵᠢᠳᠭᠦᠵᠡᠢ᠃ ᠲᠡᠷᠡ ᠴᠦᠭᠦᠷᠡᠰᠢ ᠦᠭᠡᠢ ᠰᠤᠷᠤᠯᠴᠠᠯᠭᠠ ᠪᠠᠷ ᠲᠠᠮᠵᠢᠨ᠂ ᠦᠳᠡᠯᠦᠭᠡ ᠨᠠᠰᠤᠨ ᠳᠠᠭᠠᠨ ᠴᠤ ᠤᠷᠠᠨ ᠪᠢᠴᠢᠯᠭᠡ ᠪᠡ ᠵᠢᠷᠤᠭ | ᠵᠢᠷᠤᠬᠤ ᠲᠠᠳᠬᠠᠯ ᠢᠶᠠᠨ ᠪᠠᠷᠢᠮᠳᠠᠯᠠᠵᠤ᠂ ᠠᠭᠤᠯᠠ ᠤᠰᠤᠨ ᠤ ᠪᠡᠭᠡᠨ ᠵᠢᠷᠤᠭ ᠤᠨ ᠤᠷᠠᠨ ᠪᠦᠳᠦᠭᠡᠯ ᠤᠨ ᠦᠵᠡᠭᠦᠯᠦᠯᠭᠡ ᠡᠷᠬᠢᠯᠡᠵᠦ | ᠭᠦᠮᠦᠰ ᠤᠨ ᠬᠦᠨᠳᠦᠳᠬᠡᠯ ᠮᠠᠬᠳᠠᠭᠠᠯ ᠢ ᠭᠦᠷᠳᠡᠭᠰᠡᠨ ᠪᠠᠶᠢᠨᠠ᠃ | 1971 ᠤᠨ ᠤ 6 ᠰᠠᠷᠠ ᠶᠢᠨ 15 ᠤ ᠡᠳᠦᠷ᠂ ᠰᠢᠶᠧ ᠵᠢᠤᠢ ᠽᠠᠢ ᠨᠠᠰᠤ ᠪᠠᠷᠠᠭᠰᠠᠨ ᠳᠤ᠂ 65 ᠨᠠᠰᠤᠳᠠᠢ ᠸᠠᠩ ᠳ᠋ᠢᠩ | ᠭᠦᠸᠧ ᠡᠮᠭᠡᠨᠢᠯ ᠮᠦᠷᠦᠭᠡᠳᠦᠯ ᠢᠶᠠᠨ ᠦᠰᠦᠭ ᠪᠢᠴᠢᠭ ᠢᠶᠠᠷ ᠲᠡᠮᠳᠡᠭᠯᠡᠵᠦ ᠪᠠᠶᠢᠯᠠ᠃ ᠲᠡᠷᠡ 6 ᠵᠢᠯ ᠤᠨ ᠴᠠᠭ ᠵᠠᠷᠤᠴᠠᠭᠤᠯᠤᠨ ᠤᠷᠢᠳ | ᠬᠤᠵᠢᠳ ︽ᠰᠢᠶᠧ ᠵᠢᠤᠢ ᠽᠠᠢ ᠶᠢᠨ ᠵᠠᠬᠢᠳᠠᠯ ᠤᠨ ᠲᠡᠭᠦᠪᠦᠷᠢ︾᠂ ︽ᠰᠢᠶᠧ ᠵᠢᠤᠢ ᠽᠠᠢ ᠶᠢᠨ ᠡᠳᠦᠷ ᠤᠨ ᠲᠡᠮᠳᠡᠭᠯᠡᠯ︾᠂ ︽ᠰᠢᠶᠧ ᠵᠢᠤᠢ | ᠽᠠᠢ ᠶᠢᠨ ᠵᠤᠬᠢᠶᠠᠯ ᠤᠨ ᠲᠡᠭᠦᠪᠦᠷᠢ︾ ᠵᠡᠷᠭᠡ ᠨᠡᠶᠢᠳᠡ 500 ᠲᠦᠮᠡ ᠭᠠᠷᠤᠢ ᠦᠰᠦᠭ ᠤᠨ ᠨᠤᠮ ᠵᠤᠬᠢᠶᠠᠯ ᠢ ᠬᠡᠪᠯᠡᠬᠦᠯᠦᠨ ᠨᠡᠶᠢᠳᠡᠯᠡᠵᠦ᠂ | ᠰᠢᠶᠧ ᠵᠢᠤᠢ ᠽᠠᠢ ᠶᠢᠨ ᠪᠡᠶᠡᠯᠡᠬᠦᠯᠵᠦ ᠴᠢᠳᠠᠭᠰᠠᠨ ᠦᠭᠡᠢ ᠬᠦᠰᠡᠯ ᠢ ᠨᠢ ᠲᠡᠷᠭᠡᠯᠰᠢᠬᠦᠯᠦᠭᠰᠡᠨ ᠪᠠᠶᠢᠨᠠ᠃ ᠴᠠᠭᠠᠨ ᠰᠠᠷᠠ ᠶᠢᠨ | ᠦᠳᠡᠰᠢᠯᠡᠭᠡ ᠲᠡᠭᠡᠷᠡᠬᠢ ᠨᠠᠰᠤᠳᠠᠨ ᠤ ᠤᠷᠠᠨ ᠪᠢᠴᠢᠯᠭᠡ ᠨᠢ ᠰᠢᠶᠧ ᠵᠢᠤᠢ ᠽᠠᠢ ᠲᠠᠳᠠ ᠬᠤᠶᠠᠭᠤᠯᠠ ᠶᠢᠨ ᠡᠨᠡ ᠬᠦ ᠬᠦᠨ ᠵᠤᠵᠠᠭᠠᠨ | ᠬᠠᠶᠢᠷᠠ ᠶᠢᠨ ᠢᠯᠡᠷᠡᠯ ᠭᠡᠵᠦ ᠦᠵᠡᠵᠦ ᠴᠤ ᠪᠤᠯᠳᠠᠭ ᠠᠵᠢ᠃ | ᠲᠦᠪ ᠲᠧᠯᠸᠢᠰ ᠤᠨ ᠴᠠᠭᠠᠨ ᠰᠠᠷᠠ ᠶᠢᠨ ᠦᠳᠡᠰᠢᠯᠡᠭᠡ ᠶᠢᠨ ᠬᠦᠳᠦᠯᠦᠭᠴᠢ ᠠᠴᠠ ᠸᠠᠩ ᠳ᠋ᠢᠩ ᠭᠦᠸᠧ ᠨᠠᠰᠤᠳᠠᠨ ᠢ ᠤᠷᠳᠤ | ᠵᠠᠮ ᠤᠨ ᠠᠶᠠᠨ ᠲᠠᠶᠢᠨ ᠤ ᠦᠶᠡ ᠳᠤ ᠬᠦᠯ ᠤᠨ ᠬᠤᠷᠤᠭᠤ ᠪᠠᠨ ᠬᠦᠯᠳᠡᠭᠡᠵᠦ ᠤᠨᠠᠭᠠᠬᠰᠠᠨ ᠪᠥᠬᠡᠳ ᠭᠤᠶᠠ ᠶᠢᠨ ᠶᠠᠰᠤ ᠨᠢ | ᠲᠠᠶᠢᠰᠤᠨ ᠤ ᠰᠤᠮᠤᠨ ᠳᠤ ᠬᠤᠭᠤᠷᠤᠬᠰᠠᠨ ᠵᠡᠷᠭᠡ ᠦᠩᠭᠡᠷᠡᠯᠳᠡ ᠶᠢ ᠨᠢ ᠡᠷᠬᠢᠴᠡᠭᠦᠯᠬᠦ ᠳᠤ ᠰᠤᠨᠤᠰᠤᠬᠴᠢᠳ ᠤᠨ ᠰᠡᠳᠬᠢᠯ ᠤᠶᠠᠷᠠᠨ | ᠬᠠᠯᠬᠢᠯᠠᠵᠤ ᠪᠠᠶᠢᠯᠠ᠃ ᠸᠠᠩ ᠳ᠋ᠢᠩ ᠭᠥᠸᠧ ᠨᠠᠰᠤᠳᠠᠨ ᠬᠠᠷᠢᠨ᠄ ︽ᠴᠠᠰᠤᠳᠤ ᠠᠭᠤᠯᠠ ᠶᠢ ᠲᠤᠭᠤᠯᠬᠤ ᠳᠤ᠂ ᠤᠷᠤᠢ ᠬᠦᠮᠦᠨ ᠤᠯᠠᠨ | ᠬᠦᠨᠵᠢᠯᠡ ᠴᠦᠭᠡᠨ ᠪᠠᠶᠢᠯᠠ᠂ ᠬᠦᠯᠳᠡᠭᠰᠡᠨ ᠬᠦᠯ ᠢᠶᠠᠨ ᠨᠢᠭᠡ ᠲᠡᠮᠳᠡᠷᠢᠵᠦ ᠦᠵᠡᠬᠦ ᠳᠤ ᠬᠤᠭᠤᠷᠴᠢᠬᠠᠵᠠᠢ ᠁︾ ᠭᠡᠵᠦ ᠲᠤᠷᠠᠳᠤᠨ | ᠦᠩᠭᠡᠷᠡᠵᠡᠢ᠃ 25 ᠨᠠᠰᠤᠳᠠᠢ ᠳᠠᠭᠠᠨ ᠲᠠᠶᠢᠰᠤᠨ ᠤ ᠰᠤᠮᠤᠨ ᠳᠤ ᠰᠢᠷᠬᠠᠳᠤᠵᠤ ᠪᠠᠷᠢᠪᠴᠢᠯᠠᠬᠳᠠᠨ ᠬᠢᠨᠳᠠᠨ ᠳᠤ ᠬᠤᠷᠢᠬᠳᠠᠪᠠ︔ 72 | ᠨᠠᠰᠤᠳᠠᠢ ᠳᠠᠭᠠᠨ ᠲᠡᠷᠭᠡᠨ ᠠᠳᠡᠯ ᠢᠶᠠᠷ ᠰᠡᠭᠡᠷ ᠬᠦᠵᠦᠬᠦᠦ ᠪᠠᠨ ᠰᠢᠷᠬᠠᠳᠤᠭᠤᠯᠵᠤ᠂ 75 ᠨᠠᠰᠤᠳᠠᠢ ᠳᠠᠭᠠᠨ ᠦᠮᠡᠨ ᠤ ᠮᠠᠰᠠ ᠵᠠᠰᠠᠯ | ᠬᠢᠵᠦ ᠪᠡᠶᠡ ᠲᠡᠭᠡᠷᠡ ᠨᠢ 30 ᠭᠠᠷᠤᠢ ᠰᠡᠨᠲ᠋ᠢᠮᠧᠲᠷ ᠤᠨ ᠰᠤᠷᠪᠢ ᠦᠯᠡᠳᠡᠭᠰᠡᠨ ᠁ ᠲᠡᠭᠦᠨ ᠤ ᠨᠢᠭᠡ ᠨᠠᠰᠤ ᠬᠡᠵᠦ ᠰᠢᠷᠬᠠ ᠰᠤᠷᠪᠢ | ᠵᠤᠪᠠᠭᠤᠷᠢ ᠵᠦᠳᠡᠭᠦᠷᠢ ᠤᠯᠠᠨᠳᠠᠢ ᠨᠢᠭᠡ ᠨᠠᠰᠤ᠂ ᠬᠡᠪᠡᠴᠦ ᠲᠡᠷᠡ ᠨᠤᠭᠤᠷᠠᠰᠢ ᠦᠭᠡᠢ ᠬᠠᠳᠠᠨ ᠵᠤᠷᠢᠭ ᠢᠶᠠᠷ ᠢᠯᠠᠨ ᠲᠠᠪᠠᠭᠰᠠᠭᠠᠷ | ᠢᠷᠡᠵᠡᠢ᠃ ᠪᠦᠰᠡᠭᠦᠢ ᠬᠠᠶᠢᠷᠠ ᠪᠠᠷ ᠬᠤᠷᠸᠠ ᠤᠶᠠᠩᠭᠠᠷᠠᠳᠠᠭ ᠪᠢᠯᠠ᠃ ᠬᠠᠮᠤᠭ ᠰᠠᠶᠢᠨ ᠬᠠᠶᠢᠷᠠ ᠲᠤᠷᠠᠯᠠᠯ ᠭᠡᠮᠡᠭᠴᠢ ᠬᠠᠷᠢᠯᠴᠠᠨ | ᠬᠦᠨᠳᠦᠳᠭᠡᠵᠦ᠂ ᠬᠠᠷᠢᠯᠴᠠᠨ ᠨᠦᠯᠦᠭᠡᠯᠡᠵᠦ᠂ ᠬᠠᠮᠳᠤ ᠪᠠᠷ ᠲᠠᠪᠰᠢᠵᠦ᠂ ᠨᠡᠩ ᠰᠢᠯᠢᠳᠡᠭ ᠪᠤᠯᠬᠤ ᠪᠠᠷ ᠴᠢᠷᠮᠠᠶᠢᠬᠤ ᠳᠤ ᠤᠷᠤᠰᠢᠬᠤ | ᠶᠤᠮᠰᠠᠨ᠃ | ︽ᠪᠥᠮᠪᠥᠷᠴᠡᠭ ᠤᠨ ᠬᠥᠮᠥᠨ︾ ᠰᠡᠳᠬᠦᠯ ᠠᠴᠠ ᠤᠷᠴᠢᠭᠤᠯᠪᠠ | |