﹇ ᠰᠢᠨᠬᠤᠸᠠ ᠬᠤᠷᠢᠶᠠᠨ ᠪᠢᠴᠢᠯ ᠮᠡᠳᠡᠬᠡ ﹈ ᠰᠢᠨᠵᠢᠯᠡᠬᠡ ᠮᠡᠷᠬᠡᠵᠢᠯ ᠬᠦᠭᠵᠢᠯᠳᠡ ᠵᠢ ᠲᠠᠭᠠᠯᠳᠤᠨ᠂ ᠲᠤᠷᠭᠤᠨ | ᠲᠦᠷᠦᠭᠰᠡᠨ ᠬᠡᠤᠭᠡᠳ ᠠᠮᠢᠳᠤᠷᠠᠬᠤ ᠨᠤᠷᠮᠠ ᠶᠠᠪᠤᠬᠤ ᠲᠤᠰᠤᠮ ᠲᠡᠭᠡᠭᠰᠢᠯᠡᠭᠰᠡᠨ ᠮᠦᠷᠳᠡᠬᠡᠨ ᠨᠠᠰᠦ ᠬᠦᠢᠴᠡᠭᠰᠡᠨ ᠲᠠᠷᠠᠭᠠᠬᠢ | ᠪᠡᠶᠠ ᠵᠢᠨ ᠪᠤᠢᠢᠵᠢᠯᠳᠡ ᠨᠢ ᠴᠤ ᠰᠠᠢᠢᠨ ᠪᠠᠢᠢᠨᠠ᠃ ᠬᠡᠪᠡᠴᠦ ᠲᠤᠷᠭᠤᠨ ᠲᠦᠷᠦᠭᠰᠡᠳ ᠨᠠᠰᠦ ᠬᠦᠢᠴᠡᠭᠰᠡᠨ ᠲᠠᠷᠠᠭᠠ | ᠭᠠᠨᠭᠰᠠᠷᠠᠬᠤ ᠡᠪᠡᠳᠴᠢᠨ ᠳ᠋ᠤ ᠨᠡᠷᠪᠡᠭᠳᠡᠬᠦ ᠨᠤᠷᠮᠠ ᠦᠨᠳᠦᠷ ᠬᠡᠳᠡᠭ ᠺᠠᠨᠠᠳᠠ ᠵᠢᠨ ᠰᠤᠳᠤᠯᠭᠠᠳᠠᠳ ᠤᠢᠢᠷᠠ ᠳ᠋ᠤ | ᠢᠯᠡᠷᠡᠬᠦᠯᠵᠡᠢ᠃ ᠰᠤᠳᠤᠯᠭᠠᠳᠠᠳ 41 ᠬᠤᠪᠢ ᠰᠤᠳᠤᠯᠭᠠᠨ ᠮᠡᠳᠡᠬᠦᠯᠦᠯᠳᠡ ᠪᠤᠯᠤᠨ 2700 ᠨᠡᠷᠠ ᠲᠤᠷᠭᠤᠨ ᠲᠦᠷᠦᠭᠰᠡᠳ | ᠰᠡᠳᠬᠢᠴᠡ ᠵᠢᠨ ᠡᠷᠡᠬᠦᠯ ᠮᠡᠨᠳᠦ ᠵᠢᠨ ᠲᠤᠬᠠᠢ ᠪᠠᠢᠢᠴᠠᠭᠠᠯᠳᠠ ᠳ᠋ᠤ ᠰᠠᠭᠤᠷᠢᠯᠠᠨ ᠡᠢᠢᠮᠦ ᠨᠢᠬᠡᠨ ᠳ᠋ᠦᠨᠭᠨᠡᠯᠳᠡ ᠤᠯᠵᠠᠢ᠄ ᠲᠤᠷᠭᠤᠨ | ᠲᠦᠷᠦᠭᠰᠡᠳ ᠪᠠᠭᠠ ᠨᠠᠰᠦ ᠪᠤᠶᠤ ᠤᠷᠢ ᠵᠠᠯᠠᠭᠤ ᠨᠠᠰᠤᠨ ᠳ᠋ᠠᠭᠠᠨ ᠰᠡᠳᠬᠢᠴᠡ ᠵᠢᠨ ᠲᠠᠯᠠ ᠵᠢᠨ ᠠᠰᠠᠭᠤᠳᠠᠯ ᠭᠠᠷᠬᠤ ᠨᠤᠷᠮᠠ | ᠬᠦᠮᠦᠰ ᠡᠴᠡ ᠦᠨᠳᠦᠷ ᠪᠦᠭᠡᠳ ᠨᠠᠰᠦ ᠬᠦᠢᠴᠡᠭᠰᠡᠨ ᠲᠠᠷᠠᠭᠠ ᠭᠠᠴᠢᠭᠳᠠᠵᠦ ᠭᠠᠨᠭᠰᠠᠷᠠᠬᠤ ᠪᠠᠢᠢᠳᠠᠯ ᠢᠯᠡᠷᠡᠬᠦ ᠨᠤᠷᠮᠠ ᠴᠤ ᠦᠨᠳᠦᠷ | ᠮᠦᠷᠳᠡᠬᠡᠨ ᠨᠡᠢᠢᠬᠡᠮ ᠬᠠᠷᠢᠯᠴᠠᠭᠠᠨ ᠴᠢᠳᠠᠪᠤᠷᠢ ᠴᠤ ᠮᠡᠳᠡᠭᠳᠡᠮᠠ ᠲᠤᠤᠷᠠ ᠪᠠᠢᠢᠳᠠᠭ᠃ ︽ᠲᠤᠷᠭᠤᠨ ᠲᠦᠷᠦᠭᠰᠡᠳ | ᠰᠡᠳᠬᠢᠴᠡ ᠵᠢᠨ ᠠᠰᠠᠭᠤᠳᠠᠯ ᠭᠠᠷᠬᠤ ᠨᠤᠷᠮᠠ ᠢᠯᠡᠷᠬᠡᠢ ᠦᠨᠳᠦᠷ ᠪᠠᠢᠢᠨᠠ᠃ ᠭᠤᠤᠯᠳᠠᠭᠤ ᠠᠨᠭᠬᠠᠷᠤᠯ ᠲᠦᠪᠯᠡᠷᠡᠬᠦ ᠦᠬᠡᠢ᠂ | ᠭᠠᠴᠢᠬᠳᠠᠵᠦ ᠭᠠᠨᠭᠰᠠᠷᠠᠬᠤ ᠵᠡᠷᠬᠡ ᠢᠯᠡᠷᠡᠯ ᠲᠡᠢ᠃ ᠡᠨᠡ ᠨᠢ ᠭᠤᠤᠯᠳᠠᠭᠤ ᠲᠤᠷᠭᠤᠨ ᠲᠦᠷᠦᠭᠰᠡᠳ ᠤᠷᠤᠰᠢᠨ ᠠᠮᠢᠳᠤᠷᠠᠬᠤ ᠲᠠᠯᠠ | ᠳ᠋ᠡᠬᠢ ᠲᠠᠷᠤᠯᠳᠠ ᠨᠢ ᠨᠡᠢᠢᠳᠡᠮ ᠳ᠋ᠡᠬᠡᠨ ᠶᠡᠬᠡ ᠪᠠᠢᠢᠳᠠᠭ ᠲᠡᠢ ᠬᠤᠯᠪᠤᠭᠠ ᠲᠡᠢ᠃ ᠪᠦᠬᠦ ᠨᠡᠢᠢᠬᠡᠮ ᠵᠢᠡᠷ ᠵᠢᠡᠨ ᠡᠳᠡᠬᠡᠷ ᠬᠦᠮᠦᠰ ᠲᠤ | ᠬᠠᠢᠢᠷᠠ ᠬᠠᠯᠠᠮᠵᠢ ᠬᠦᠷᠳᠡᠬᠡᠨ᠂ ᠳᠡᠳᠡᠨ ᠰᠡᠳᠬᠢᠴᠡᠵᠢᠨ ᠡᠷᠡᠬᠦᠯ ᠠᠨᠭᠬᠠᠷᠤᠨ ᠬᠠᠯᠠᠮᠵᠢᠯᠠᠪᠠᠯ ᠵᠤᠬᠢᠨᠠ︾ ᠬᠡᠵᠦ | ᠰᠤᠳᠤᠯᠭᠠᠳᠠᠳ ᠦᠵᠡᠵᠦ ᠪᠠᠢᠢᠨᠠ᠃ | |