11 ᠰᠠᠷᠠ ᠶᠢᠨ 26 ᠡᠳᠥᠷ ᠠᠷᠪᠠᠨ ᠨᠢᠭᠡᠳᠥᠭᠡᠷ | ᠬᠤᠭᠤᠴᠠᠭᠠᠨ ︽ᠰᠦ ᠪᠦ᠋ ᠴᠢᠩ ᠨᠠᠷᠠᠮᠵᠢᠳᠤ ᠲᠤᠭᠠᠨ ᠤᠬᠠᠭᠠᠨ ᠰᠤᠷᠭᠠᠨ ᠬᠥᠮᠥᠵᠢᠯ ᠱᠠᠩᠨᠠᠯ︾ ᠤᠯᠭᠤᠬᠤ ᠶᠤᠰᠤᠯᠠᠯ | ᠵᠧᠵᠢᠶᠠᠩ ᠮᠤᠵᠢ ᠸᠧᠨᠵᠸᠥ ᠬᠤᠳᠠ ᠳᠤ ᠶᠠᠪᠤᠭᠳᠠᠵᠥ᠂ ᠪᠥᠬᠦ ᠤᠯᠤᠰ 21 ᠮᠤᠵᠢ᠂ ᠬᠤᠳᠠ᠂ ᠥᠪᠡᠷᠳᠡᠭᠡᠨ ᠵᠠᠰᠠᠬᠤ ᠤᠷᠤᠨ | ᠡᠴᠡ ᠢᠷᠡᠭᠰᠡᠨ 25 ᠪᠠᠭᠰᠢ ᠲᠤᠰ ᠱᠠᠩᠨᠠᠯ ᠲᠤᠰᠪᠠ᠂ ᠡᠬᠦᠨ ᠳᠤ ᠰᠢᠯᠢᠡᠭᠬᠤᠳᠠ ᠮᠤᠩᠭᠤᠯ ᠲᠤᠮᠳᠠᠳᠥ ᠰᠤᠷᠭᠠᠭᠤᠯᠢ | ᠪᠠᠭᠰᠢ ᠡ᠊•ᠭᠡᠷᠡᠯᠳᠥ ᠪᠤᠯ ᠴᠤᠷ ᠭᠠᠭᠴᠠ ᠱᠠᠩᠨᠠᠯ ᠭᠠᠷᠳᠠᠭᠴᠢ ᠮᠥᠷᠳᠡᠭᠡᠨ | ᠪᠥᠬᠦ ᠤᠯᠤᠰ ᠴᠥᠬᠡᠨ ᠲᠤᠭᠠᠳᠥ ᠥᠨᠳᠥᠰᠥᠳᠡᠨ ᠴᠤᠷ ᠭᠠᠭᠴᠠ ᠱᠠᠩᠨᠠᠯ ᠲᠤᠰᠤᠭᠰᠠᠨ ᠪᠠᠭᠰᠢ ᠪᠤᠯᠤᠨᠠ᠃ ᠡ᠊•ᠭᠡᠷᠡᠯᠳᠥ ᠪᠠᠭᠰᠢ | 1983 ᠤᠨ ᠥᠪᠥᠷ ᠮᠤᠩᠭᠤᠯ ᠪᠠᠭᠰᠢ ᠶᠢᠨ ᠶᠡᠭᠡ ᠰᠤᠷᠭᠠᠭᠤᠯᠢ ᠡᠴᠡ ᠲᠡᠬᠦᠰᠴᠥ ᠂ ᠤᠷᠢᠳ ᠬᠤᠵᠢᠳ ᠬᠥᠪᠡᠭᠡᠳᠥ ᠰᠢᠷᠠ | ᠬᠤᠰᠢᠭᠤᠨ ᠮᠤᠩᠭᠤᠯ ᠲᠤᠮᠳᠠᠳᠥ ᠰᠤᠷᠭᠠᠭᠤᠯᠢ᠂ ᠰᠢᠯᠢᠡᠭᠬᠤᠳᠠ ᠮᠤᠩᠭᠤᠯ ᠲᠤᠮᠳᠠᠳᠥ ᠰᠤᠷᠭᠠᠭᠤᠯᠢ ᠳᠤ ᠪᠠᠭᠰᠢᠯᠠᠵᠥ᠂ ᠭᠤᠴᠢ ᠭᠠᠷᠤᠢ | ᠵᠢᠯ ᠲᠤᠷᠰᠢ ᠥᠨᠳᠥᠰᠥᠳᠡᠨ ᠰᠣᠷᠭᠠᠨ ᠬᠥᠮᠥᠵᠢᠯ ᠡᠮᠤᠨᠡ ᠹᠷᠤᠨᠲ ᠲᠤ ᠭᠠᠪᠰᠢᠭᠠᠢᠢᠯᠠᠭᠰᠠᠭᠠᠷ ᠢᠷᠡᠵᠡᠢ ᠃ | ᠡ᠊• ᠭᠡᠷᠡᠯᠳᠥ ᠪᠠᠭᠰᠢ ᠮᠤᠩᠭᠤᠯ ᠰᠤᠷᠤᠭᠴᠢ ᠤᠨᠴᠠᠯᠢᠭ ᠥᠨᠳᠥᠰᠥᠯᠡᠨ᠂ ᠰᠡᠬᠡᠭᠡᠷᠡᠬᠦᠯᠬᠦ ᠬᠡᠯᠪᠡᠷᠢ ᠵᠢᠭᠠᠨ | ᠰᠤᠷᠭᠠᠯᠳᠠ ᠠᠷᠭᠠ ᠪᠠ ᠪᠠᠶᠠᠷ ᠬᠥᠷ ᠲᠠᠢ ᠰᠤᠷᠤᠯᠴᠠᠬᠤ ᠵᠢᠭᠠᠨ ᠰᠤᠷᠭᠠᠯᠳᠠ ᠠᠷᠭᠠ ᠤᠶᠠᠯᠳᠤᠭᠤᠯᠤᠨ ᠬᠡᠷᠡᠭᠯᠡᠵᠥ᠂ ᠲᠤᠭᠠᠨ | ᠠᠮᠢᠳᠤᠯᠢᠭ ᠰᠤᠨᠢᠷᠬᠠᠯᠳᠠᠢ ᠤᠷᠤᠳᠠᠭ ᠡᠴᠡ ᠲᠡᠬᠦᠨ ᠵᠢᠭᠠᠭᠰᠠᠨ ᠰᠤᠷᠤᠭᠴᠢᠳ ᠲᠤᠭᠠᠨ ᠰᠢᠯᠭᠠᠯᠳᠠ ᠳᠤ ᠢᠯᠡᠷᠬᠡᠢ | ᠰᠠᠢᠢᠨ ᠬᠢᠷᠢ ᠪᠥᠳᠥᠮᠵᠢ ᠤᠯᠵᠥ᠂ ᠨᠡᠯᠢᠶᠡᠳ ᠬᠡᠳᠥᠨ ᠰᠤᠷᠤᠭᠴᠢ ᠨᠢ ᠶᠡᠭᠡ ᠲᠡᠭᠡᠳᠥ ᠰᠤᠷᠭᠠᠭᠤᠯᠢ ᠳᠤ ᠲᠡᠪᠰᠢᠬᠦ ᠤᠯᠤᠰ ᠨᠢᠭᠡᠳᠥᠯᠳᠠᠢ | ᠰᠢᠯᠭᠠᠯᠳᠠ ᠳᠤ ᠲᠤᠭᠠᠨ ᠬᠢᠷᠢ ᠪᠥᠳᠥᠮᠵᠢ ᠪᠠᠷ ᠠᠢᠢᠮᠠᠭ ᠲᠠᠭᠠᠨ ᠲᠡᠷᠢᠬᠦᠯᠡᠭᠰᠡᠨ ᠪᠥᠭᠡᠳ ᠤᠨᠴᠠᠭᠠᠢᠢᠯᠠᠨ ᠲᠤᠷᠠᠳᠤᠭᠤᠰᠢᠳᠠᠢ ᠨᠢ | ᠲᠡᠬᠦᠨ ᠰᠤᠷᠤᠭᠴᠢ ᠰᠤᠳᠤᠪᠢᠯᠢᠭ᠌ 2003 ᠤᠨ ᠤᠯᠤᠰ ᠰᠢᠯᠭᠠᠯᠳᠠ ᠳᠤ 132 ᠬᠤᠪᠢ ᠪᠠᠷ ᠪᠥᠬᠦ ᠤᠷᠤᠨ ᠳᠤ | ᠲᠡᠷᠢᠬᠦᠯᠡᠵᠡᠢ᠃ ᠡ᠊•ᠭᠡᠷᠡᠯᠳᠥ ᠪᠠᠭᠰᠢ ᠠᠩᠭᠢ ᠤᠷᠢᠳ ᠬᠤᠵᠢᠳ 200 ᠭᠠᠷᠤᠢ ᠰᠤᠷᠤᠭᠴᠢ ᠶᠡᠭᠡ ᠲᠡᠭᠡᠳᠥ ᠰᠤᠷᠭᠠᠭᠤᠯᠢ ᠳᠤ | ᠰᠢᠯᠭᠠᠭᠳᠠᠨ ᠤᠷᠤᠭᠰᠠᠨ ᠪᠥᠭᠡᠳ ᠰᠢᠯᠢᠡᠭᠬᠤᠳᠠ ᠮᠤᠩᠭᠤᠯ ᠲᠤᠮᠳᠠᠳᠥ ᠰᠤᠷᠭᠠᠭᠤᠯᠢ ᠶᠢᠨ ᠶᠡᠭᠡ ᠲᠡᠭᠡᠳᠥ ᠰᠤᠷᠭᠠᠭᠤᠯᠢ ᠳᠤ ᠲᠡᠪᠰᠢᠬᠰᠡᠨ | ᠨᠤᠷᠮᠠ 84.6%ᠬᠥᠷᠥᠭᠰᠡᠨ ᠲᠡᠮᠳᠡᠭᠯᠡᠯ ᠲᠡᠬᠦᠨ ᠠᠩᠭᠢ ᠡᠬᠦᠳᠥᠭᠰᠡᠨ ᠪᠢᠯᠡ᠃ | ᠤᠳᠠᠭᠠᠨ ᠵᠢᠯ ᠲᠤᠷᠰᠢ ᠡ᠊•ᠭᠡᠷᠡᠯᠳᠥ ᠪᠠᠭᠰᠢ ᠬᠢᠴᠢᠶᠡᠯ ᠵᠢᠭᠠᠬᠤ ᠪᠠᠷᠢᠮᠳᠠᠯᠠᠬᠤ ᠬᠠᠮᠳᠥ ᠵᠢᠭᠠᠨ ᠰᠤᠷᠭᠠᠯᠳᠠ | ᠰᠤᠳᠤᠯᠬᠤ ᠳᠤ ᠰᠢᠮᠳᠠᠨ᠂ ᠥᠪᠡᠷᠳᠡᠭᠡᠨ ᠵᠠᠰᠠᠬᠤ ᠤᠷᠤᠨ ᠲᠡᠰ ᠰᠤᠳᠤᠯᠭᠠᠨ ᠰᠡᠳᠤᠪ ︽ᠪᠤᠢᠢᠳᠠ ᠪᠥᠭᠯᠡᠬᠦᠥ ᠴᠥᠬᠡᠨ ᠲᠤᠭᠠᠳᠥ | ᠥᠨᠳᠥᠰᠥᠳᠡᠨ ᠰᠤᠷᠤᠭᠴᠢ ᠰᠤᠷᠤᠯᠴᠠᠯᠭᠠ ᠵᠢᠯᠤᠭᠤᠳᠤᠯᠭᠠ ᠰᠤᠳᠤᠯᠭᠠᠨ︾ ᠲᠤᠮᠳᠠᠳᠥ ᠤᠯᠤᠰ ᠰᠤᠷᠭᠠᠨ ᠬᠥᠮᠥᠵᠢᠯ | ᠰᠤᠳᠤᠯᠭᠠᠨ ᠨᠡᠢᠢᠭᠡᠮᠯᠢᠭ ᠰᠤᠳᠤᠯᠭᠠᠨ ᠰᠡᠳᠤᠪ ︽ᠮᠤᠩᠭᠤᠯ ᠬᠢᠴᠢᠶᠡᠯᠯᠡᠬᠦ ᠲᠤᠭᠠᠨ ᠬᠢᠴᠢᠶᠡᠯ ᠤᠶᠤᠨ | ᠪᠠ ᠤᠶᠤᠨ ᠪᠤᠰᠤ ᠵᠢᠭᠠᠨ ᠰᠤᠷᠭᠠᠯᠳᠠ ᠰᠤᠳᠤᠯᠭᠠᠨ︾ ᠵᠡᠷᠭᠡ ᠴᠢᠬᠤᠯᠠ ᠰᠤᠳᠤᠯᠭᠠᠨ ᠰᠡᠳᠤᠪ ᠲᠤ ᠤᠷᠤᠯᠴᠠᠵᠥ᠂ ︽ᠲᠡᠩᠴᠡᠬᠦᠥ | ᠬᠠᠷᠢᠴᠠᠭᠠᠳᠥ ᠴᠤᠪᠤᠭᠠ ᠲᠤᠭᠠ ᠲᠤᠬᠠᠢ ᠵᠢᠭᠠᠬᠤ ᠲᠥᠯᠥᠪᠯᠡᠭᠡ︾ ᠵᠡᠷᠭᠡ ᠤᠯᠠᠨ ᠥᠬᠦᠯᠡᠯ ᠨᠢ ᠲᠥᠪ ᠪᠠ ᠮᠤᠵᠢ ᠲᠡᠰ | ᠰᠡᠳᠬᠦᠯ ᠲᠡᠭᠡᠷᠡ ᠨᠡᠢᠢᠳᠡᠯᠡᠭᠳᠡᠵᠡᠢ᠃ | ᠤᠢᠢᠯᠠᠭᠠᠭᠰᠠᠨ ᠂ ︽ᠰᠦ ᠪᠦ᠋ ᠴᠢᠩ ᠨᠠᠷᠠᠮᠵᠢᠳᠤ ᠲᠤᠭᠠᠨ ᠤᠬᠠᠭᠠᠨ ᠰᠤᠷᠭᠠᠨ ᠱᠠᠩᠨᠠᠯ︾1991 | ᠤᠨ 9 ᠰᠠᠷᠠ ᠳᠤ ᠰᠢᠶᠠᠩ ᠦ᠋ ᠶᠢ ᠫᠷᠤᠹᠧᠰᠰᠤᠷ ᠵᠡᠷᠭᠡ ᠡᠷᠳᠡᠮᠳᠡᠳ ᠰᠠᠨᠠᠭᠠᠴᠢᠯᠠᠭᠠ ᠪᠠᠷ ᠹᠦᠳᠠᠨ ᠶᠡᠭᠡ ᠰᠤᠷᠭᠠᠭᠤᠯᠢ᠂ ᠱᠠᠩᠬᠠᠢ | ᠬᠤᠳᠠ ᠰᠤᠷᠭᠠᠨ ᠬᠥᠮᠥᠵᠢᠯ ᠲᠤᠪᠴᠢᠶᠠ᠂ ᠱᠠᠩᠬᠠᠢ ᠬᠤᠳᠠ ᠲᠤᠮᠳᠠᠳᠥ ᠪᠠᠭᠠ ᠰᠤᠷᠭᠠᠭᠤᠯᠢ ᠴᠡᠴᠡᠷᠯᠢᠭ ᠪᠠᠭᠰᠢ | ᠱᠠᠩᠨᠠᠨ ᠬᠥᠬᠢᠬᠦᠯᠬᠦ ᠰᠠᠭᠤᠷᠢ ᠮᠥᠩᠭᠦᠨ ᠨᠡᠢᠢᠭᠡᠮᠯᠢᠭ ᠡᠴᠡ ᠬᠠᠮᠳᠤᠷᠠᠨ ᠪᠠᠢᠢᠭᠤᠯᠤᠬᠰᠠᠨ ᠮᠠᠨ ᠤᠯᠤᠰ ᠲᠤᠮᠳᠠᠳᠥ ᠰᠤᠷᠭᠠᠭᠤᠯᠢ | ᠲᠤᠭᠠᠨ ᠤᠬᠠᠭᠠᠨ ᠰᠤᠷᠭᠠᠨ ᠬᠢᠨ ᠲᠡᠭᠡᠳᠥ ᠱᠠᠩᠨᠠᠯ ᠪᠤᠯᠤᠨᠠ᠃ | |