ᠮᠤᠩᠭᠤᠯ ᠦᠬᠡ ᠬᠡᠯᠡ ᠦᠰᠦᠭ ᠪᠢᠴᠢᠭ ᠤᠯᠠᠮᠵᠢᠯᠠᠨ | ᠵᠠᠯᠭᠠᠮᠵᠢᠯᠠᠵᠦ᠂ ᠮᠤᠩᠭᠤᠯ ᠦᠬᠡ ᠬᠡᠯᠡ ᠪᠠᠨ ᠮᠡᠳᠡᠬᠦ ᠦᠬᠡᠢ ᠬᠦᠮᠦᠰ ᠲᠤ ᠲᠤᠰᠠ ᠬᠦᠷᠳᠡᠭᠡᠬᠦ ᠰᠠᠨᠠᠵᠦ ᠶᠠᠪᠤᠭ᠋ ᠠ ᠤᠶᠤᠳᠠᠨ ᠪᠠᠶᠠᠨᠳᠠᠯᠠ | ᠡᠨᠳᠠ ᠲᠤᠷᠠᠳᠬᠤ ᠳᠤ ᠰᠡᠳᠬᠢᠯ ᠲᠡᠨᠢᠬᠦᠨ᠃ ᠪᠠᠶᠠᠨᠳᠠᠯᠠ ᠪᠤᠯ ᠬᠦᠬᠡᠬᠤᠳᠠ ᠦᠨᠳᠦᠰᠦᠲᠠᠨ ᠲᠡᠭᠡᠳᠦ ᠰᠤᠷᠭᠠᠭᠤᠯᠢ ᠭᠠᠳᠠᠭᠠᠳᠦ | ᠬᠡᠯᠡᠨ ᠰᠠᠯᠪᠤᠷᠢ ᠤᠶᠤᠳᠠᠨ᠃ ᠲᠡᠷᠡ ᠬᠢᠴᠢᠶᠡᠯ ᠰᠤᠷᠤᠯᠭᠠ ᠵᠠᠪ ᠴᠢᠯᠦᠬᠡ ᠪᠠᠨ ᠠᠰᠢᠬᠯᠠᠨ ᠮᠤᠩᠭᠤᠯ ᠬᠡᠯᠡ ᠵᠢᠭᠠᠬᠤ ᠠᠩᠬᠢ | ᠡᠷᠬᠢᠯᠡᠵᠦ᠂ ᠰᠤᠷᠭᠠᠭᠤᠯᠢ ᠨᠢᠬᠡ ᠪᠦᠯᠦᠭ ᠮᠤᠩᠭᠤᠯ ᠦᠬᠡ ᠶᠠᠷᠢᠵᠦ ᠴᠢᠳᠠᠬᠤ ᠦᠭᠡᠢ᠂ ᠮᠤᠩᠭᠤᠯ ᠦᠰᠦᠭ ᠪᠢᠴᠢᠭ | ᠪᠢᠴᠢᠵᠦ ᠴᠢᠳᠠᠬᠤ ᠦᠬᠡᠢ ᠬᠢᠳᠡᠳ ᠰᠤᠷᠤᠬᠰᠠᠨ ᠤᠶᠤᠳᠠᠳ ᠪᠤᠶᠤ ᠮᠤᠩᠭᠤᠯ ᠦᠬᠡ ᠵᠢᠭᠠᠬᠠᠨ ᠴᠦ ᠮᠡᠳᠡᠬᠦ ᠦᠬᠡᠢ ᠠᠬᠠ ᠲᠡᠬᠦᠦ | ᠦᠨᠳᠦᠰᠦᠳᠡᠨ ᠤᠶᠤᠳᠠᠳ ᠲᠤ ᠶᠠᠮᠠᠷ ᠴᠦ ᠰᠦᠢᠳᠬᠡᠯ ᠮᠦᠡᠭᠭᠦ ᠠᠪᠬᠤ ᠦᠬᠡᠢ ᠪᠠᠷ ᠦᠢᠯᠡᠴᠢᠯᠡᠵᠦ ᠶᠠᠪᠤᠭᠠ ᠶᠤᠮ᠃ ᠲᠡᠷᠡᠪᠡᠷ︽ᠠᠩᠬᠠᠨ | ᠰᠤᠷᠬᠤᠢ ᠮᠤᠩᠭᠤᠯ ᠬᠡᠯᠡ︾ ᠬᠡᠬᠦ ᠨᠤᠮ ᠵᠢᠭᠠᠬᠤ ᠮᠠᠲ᠋ᠧᠷᠢᠶᠠᠯ ᠪᠤᠯᠭᠠᠵᠦ᠂ ᠠ ᠡ ᠢ ᠬᠡᠬᠦᠴᠢᠯᠡᠨ ᠡᠬᠡᠰᠢᠭ ᠲᠤᠯᠤᠭᠠ ᠡᠴᠠ ᠠᠪᠤᠭᠠᠳ | ᠪᠦᠬᠦᠯᠢ ᠦᠰᠦᠭ ᠲᠠᠨᠢᠬᠤ ᠪᠤᠯᠳᠠᠯᠠ ᠨᠠᠷᠢᠯᠢᠭᠵᠢᠭᠤᠨ ᠰᠠᠶᠢᠬᠠᠨ ᠵᠢᠭᠠᠭᠠᠳ ᠨᠢᠭᠡᠨᠳᠡ ᠭᠤᠷᠪᠠᠨ ᠰᠠᠷ ᠠ ᠲᠦᠬᠦᠵᠠᠢ᠃ | ᠤᠶᠤᠳᠠᠨ ᠬᠦᠮᠦᠨ ᠬᠡᠵᠦ ᠬᠢᠴᠢᠶᠡᠯ ᠰᠤᠷᠤᠯᠭᠠ ᠲᠡᠶᠢᠮᠦ ᠶᠠᠭᠠᠷᠠᠤ ᠪᠢᠰᠢ ᠴᠤ ᠤᠳᠠᠯ ᠦᠬᠡᠢ ᠨᠡᠶᠢᠭᠡᠮ ᠲᠡᠬᠡᠷᠡ ᠭᠠᠷᠬᠤ ᠬᠡᠵᠦ | ᠪᠠᠶᠢᠭᠠ ᠤᠴᠢᠷ ᠡᠴᠠ ᠪᠡᠯᠡᠳᠭᠡᠬᠦ ᠴᠢᠬᠤᠯᠠᠳᠠᠢ ᠵᠦᠢᠯ ᠴᠤ ᠤᠯᠠᠨ᠃ ᠵᠤᠬᠰᠤᠯ ᠦᠭᠡᠢ ᠡᠷᠬᠢᠯᠳᠦᠵᠦ ᠪᠠᠶᠢᠭᠠ ᠴᠠᠭ ᠮᠦᠴᠡ ᠲᠠᠢ | ᠤᠷᠤᠯᠳᠤᠨ ᠶᠠᠭᠠᠷᠠᠵᠤ ᠯᠡ ᠪᠠᠶᠢᠳᠠᠭ ᠲᠡᠳᠡᠭᠡᠷ ᠲᠤᠮᠳᠠ ᠡᠴᠠ ᠤᠶᠤᠳᠠᠨ ᠪᠠᠶᠠᠨᠳᠠᠯᠠ ᠭᠠᠷᠠᠭ ᠪᠤᠯᠭᠠᠨ ᠭᠠᠷᠠᠭ ᠲᠠᠪᠤᠨ | ᠪᠤᠯᠤᠨ ᠵᠢᠷᠭᠤᠭᠠᠠ ᠤᠷᠤᠢ 7 ᠴᠠᠭ ᠡᠴᠠ 9 ᠴᠠᠭ ᠪᠤᠯᠳᠠᠯᠠ ᠮᠤᠩᠭᠤᠯ ᠬᠡᠯᠡ ᠰᠤᠷᠬᠤ ᠪᠠᠷ ᠢᠷᠡᠭᠰᠡᠨ ᠤᠶᠤᠳᠠᠳ ᠲᠤ ᠮᠤᠩᠭᠤᠯ | ᠬᠡᠯᠡ ᠵᠢᠭᠠᠭᠠᠳ ᠶᠠᠭᠠᠷᠠᠳᠠᠭ ᠪᠤᠯᠪᠠ᠃ | ᠲᠡᠷᠡ︽ᠨᠢᠳᠤᠨᠤᠨ ᠬᠡᠳᠦᠨ ᠬᠠᠮᠳᠤ ᠰᠤᠷᠤᠬᠴᠢ ᠮᠢᠨᠢ ᠨᠠᠮᠠᠢᠢ ᠤᠯᠠᠨ ᠤᠳᠠᠭᠠ ᠡᠷᠢᠵᠦ ᠮᠤᠩᠭᠤᠯ ᠬᠡᠯᠡ ᠵᠢᠭᠠᠯᠭᠠᠬᠤ ᠬᠡᠪᠠ᠂ | ᠬᠡᠪᠡᠴᠦ ᠲᠤᠬᠠᠢ ᠦᠶᠠ ᠪᠢ ᠪᠠᠭᠠ ᠶᠠᠭᠠᠷᠠᠤ ᠪᠠᠶᠢᠭᠰᠠᠨ ᠪᠤᠯᠬᠤᠷ ᠪᠠᠳᠤᠳᠠᠢ ᠬᠠᠷᠢᠭᠤᠯᠳᠠ ᠦᠭᠴᠤ ᠴᠢᠳᠠᠭᠰᠠᠠ ᠦᠬᠡᠢ᠃ ᠰᠡᠬᠦᠯᠡᠷ | ᠨᠢ ᠡᠬᠡ ᠬᠡᠯᠨ ᠪᠠᠨ ᠢᠯᠡᠬᠦᠤ ᠬᠡᠳᠦᠨ ᠬᠦᠮᠦᠨ ᠳᠤ ᠲᠠᠨᠢᠭᠤᠯᠵᠦ ᠪᠠᠶᠢᠪᠠᠯ ᠵᠦᠭᠡᠷ ᠴᠦ ᠶᠤᠮ ᠤᠤ ᠬᠡᠵᠦ ᠬᠡᠰᠡᠭ ᠬᠤᠭᠤᠴᠠᠭᠠ ᠨᠠᠷᠢᠨ | ᠪᠤᠳᠤᠯᠬᠢᠯᠠᠬᠰᠠᠨ ᠡᠨᠡᠬᠦ ᠠᠩᠬᠢ ᠪᠠᠨ ᠡᠷᠬᠢᠯᠡᠭᠰᠡᠨ ᠶᠤᠮ︾ᠬᠡᠵᠥ ᠪᠠᠢᠢᠯᠠ᠃ ︽ᠠᠵᠢᠯ ᠬᠢᠪᠡᠯ ᠲᠠᠭᠤᠰᠳᠠᠯᠠ᠂ ᠲᠠᠪᠤᠰᠦ ᠬᠢᠪᠡᠯ | ᠠᠭᠤᠰᠳᠠᠯᠠ︾ ᠭᠡᠭᠴᠢ ᠪᠠᠷ ︽ᠨᠢᠬᠡᠨᠳᠡ ᠡᠬᠢᠯᠡᠬᠦᠯᠴᠢᠬᠡᠭᠰᠡᠨ ᠶᠤᠮ ᠴᠢᠨᠢ ᠲᠤᠤᠱᠲᠠᠢ ᠬᠢᠨᠠ︾ ᠬᠡᠵᠦ ᠴᠢᠷᠮᠠᠶᠢᠨ ᠵᠢᠳᠭᠦᠭᠰᠡᠨ ᠲᠡᠷᠡᠪᠡᠷ ᠤᠳᠦ | ᠨᠢᠭᠡᠨᠳᠡ ᠵᠢᠷᠠᠭᠠᠳ ᠰᠤᠷᠤᠭᠴᠢ ᠪᠠᠭᠰᠢ ᠪᠤᠯᠴᠢᠬᠠᠭᠰᠡᠨ ᠮᠦᠷᠳᠡᠬᠡᠨ ᠦᠨᠳᠦᠷ ᠲᠤᠮᠳᠠᠳᠦ ᠬᠠᠮᠳᠦ ᠰᠤᠷᠤᠭᠴᠢ ᠲᠠᠢ ᠪᠠᠠ | ᠬᠠᠮᠳᠤᠷᠠᠨ ᠦᠪᠦᠷ ᠮᠤᠩᠭᠤᠯ ᠲᠠᠷᠢᠶᠠᠯᠠᠩ ᠶᠡᠭᠡ ᠰᠤᠷᠭᠠᠭᠤᠯᠢ ᠳᠤ ᠬᠤᠪᠢᠶᠠᠷᠢ ᠠᠩᠬᠢ ᠡᠷᠬᠢᠯᠡᠭᠰᠡᠨ ᠨᠢ ᠤᠯᠠᠮ ᠴᠦ ᠶᠠᠭᠠᠷᠠᠤ | ᠪᠤᠯᠵᠠᠢ᠃ ᠪᠠᠰᠠ ᠵᠤᠨ ᠠᠮᠠᠷᠠᠯᠳᠠ ᠬᠤᠭᠤᠴᠠᠭᠠᠨᠠ ᠮᠤᠩᠭᠤᠯ ᠬᠡᠯᠡ ᠵᠢᠭᠠᠬᠤ ᠠᠩᠬᠢ ᠳᠤᠨᠢ ᠰᠤᠷᠤᠯᠴᠠᠵᠤ ᠪᠠᠶᠢᠭᠠ ᠤᠶᠤᠳᠠᠳ | ᠲᠠᠭᠠᠭᠤᠯᠤᠨ ᠪᠠᠷᠠᠭᠤᠨ ᠦᠵᠦᠮᠦᠴᠢᠨ ᠬᠤᠰᠢᠭᠤᠨ ᠬᠤᠭᠤᠯᠠᠲᠦ ᠭᠤᠤᠯ ᠪᠠᠯᠭᠠᠰᠤ ᠵᠢᠠ ᠨᠤᠭᠤᠭᠠᠨᠪᠤᠯᠠᠭ ᠭᠠᠴᠠᠭᠠ ᠳᠤ ᠬᠦᠷᠴᠦ᠂ | ᠮᠠᠯᠵᠢᠬᠤ ᠦᠢᠯᠡᠳᠪᠦᠷᠢᠯᠡᠯ ᠲᠠᠢ ᠤᠢᠢᠷᠠᠳᠤᠭᠤᠯᠤᠨ ᠬᠦᠳᠡᠭᠡ ᠨᠤᠳᠤᠭ ᠮᠤᠩᠭᠤᠯ ᠦᠢᠯᠡᠳᠪᠦᠷᠢᠯᠡᠯ ᠠᠮᠢᠳᠤᠷᠠᠯ ᠢ ᠤᠯᠠᠮ ᠬᠦᠨᠵᠡᠬᠡᠢ | ᠤᠢᠢᠯᠠᠭᠠᠭᠤᠯᠤᠭᠰᠠᠨ ᠪᠠᠶᠢᠨᠠ᠃ ᠬᠦᠳᠡᠭᠡ ᠢᠷᠡᠭᠰᠠᠨ ᠤᠶᠤᠳᠠᠳ ᠬᠠᠮᠤᠭ ᠲᠡᠷᠢᠬᠦᠨ ᠳᠤ ᠮᠤᠩᠭᠤᠯ ᠬᠡᠷ ᠪᠦᠳᠦᠴᠡ ᠲᠠᠨᠢᠵᠥ | ᠦᠢᠯᠠᠭᠠᠠ᠂ ᠬᠤᠨᠢ ᠮᠠᠯ ᠬᠠᠷᠢᠭᠤᠯᠬᠤ᠂ ᠠᠷᠭᠠᠯ ᠲᠦᠯᠡᠰᠢ ᠲᠡᠬᠦᠬᠦ᠂ ᠱᠠᠭᠠ ᠰᠢᠳᠠᠷᠠ ᠨᠠᠭᠠᠳᠬᠤ ᠵᠡᠷᠭᠡ ᠰᠤᠷᠤᠬᠰᠠᠨ ᠪᠦᠭᠡᠳ ᠠᠬᠠᠮᠠᠳ | ᠨᠠᠰᠤᠳᠠᠨ ᠡᠴᠠ ᠮᠤᠩᠭᠤᠯ ᠵᠠᠩ ᠦᠢᠯᠡ ᠴᠦ ᠨᠡᠯᠢᠶᠡᠳ ᠤᠢᠢᠯᠠᠭᠠᠵᠦ ᠠᠪᠤᠭᠰᠠᠨ ᠲᠠᠷᠠᠭᠠ ᠳᠤᠨᠢ ︽ᠶᠤᠯᠤ ᠬᠠᠶᠢᠷᠬᠠᠨ︾ ᠵᠤᠭᠠᠴᠠᠯ | ᠭᠠᠵᠠᠷ ᠤᠴᠢᠵᠦ᠂ ᠤᠷᠴᠢᠨ ᠲᠤᠭᠤᠷᠢᠨ ᠬᠠᠮᠠᠭᠠᠯᠠᠬᠤ ᠠᠵᠢᠯᠯᠠᠭᠠ ᠳᠤ ᠤᠷᠤᠯᠴᠠᠨ ᠬᠤᠭ ᠨᠤᠪᠰᠢ ᠲᠡᠬᠦᠵᠦ᠂ ᠪᠠᠰᠠ ᠡᠷᠡ ᠶᠢᠨ | ᠭᠤᠷᠪᠠᠨ ᠨᠠᠭᠠᠳᠤᠮ ᠮᠦᠽᠸᠢ ᠪᠠᠷ ᠲᠤᠭᠤᠷᠢᠵᠦ ᠲᠡᠤᠬᠡ ᠰᠤᠶᠤᠯ ᠲᠤᠬᠠᠢ ᠨᠠᠷᠢᠨ ᠤᠢᠢᠯᠠᠭᠠᠬᠰᠠᠨ ᠵᠡᠷᠭᠡ ᠤᠯᠠᠨ ᠰᠠᠶᠢᠬᠠᠨ ᠦᠯᠢᠬᠡᠷ | ᠲᠤᠷᠠᠳᠬᠠᠯ ᠲᠠᠢ ᠶᠠᠪᠤᠬᠰᠠᠨ ᠶᠤᠮ᠃ | ᠰᠤᠷᠤᠭᠴᠢ ᠨᠠᠷᠠᠨᠳᠤᠩᠭᠠᠯᠠᠭ᠄ ︽ᠪᠢ ᠦᠪᠡᠷ ᠲᠦᠡᠭᠯᠢᠶᠤᠤ ᠬᠤᠳᠠ ᠪᠠᠷ ᠨᠤᠳᠤᠭᠲᠠᠢ᠂ ᠨᠡᠶᠢᠬᠡᠮ ᠠᠮᠢᠳᠤᠷᠠᠯ | ᠤᠷᠴᠢᠨ ᠡᠴᠠ ᠪᠤᠯᠤᠭᠠᠳ ᠶᠤᠮ ᠤᠤ᠂ ᠬᠢᠳᠠᠳ ᠰᠤᠷᠤᠭᠰᠠᠨ ᠬᠢ ᠪᠤᠯᠪᠠᠤ᠂ ᠮᠤᠩᠭᠤᠯ ᠦᠬᠡ ᠪᠠᠨ ᠪᠢᠴᠢᠬᠦ ᠪᠠᠶᠢᠳᠤᠭᠠᠢ | ᠵᠦᠭ ᠲᠠᠢ ᠶᠠᠷᠢᠵᠦ ᠪᠠᠰᠠ ᠴᠢᠳᠠᠬᠤ ᠦᠬᠡᠢ ᠪᠠᠶᠢᠬᠰᠠᠨ᠃ ᠬᠡᠪᠡᠴᠦ ᠪᠠᠶᠠᠨᠳᠠᠯᠠ ᠠᠬᠠ ᠡᠨᠡ ᠠᠩᠬᠢ ᠳᠤ ᠤᠷᠤᠵᠦ ᠰᠤᠷᠤᠯᠴᠠᠬᠰᠠᠨ | ᠡᠴᠠ ᠬᠤᠶᠢᠰᠢ ᠮᠤᠩᠭᠤᠯ ᠦᠰᠦᠭ ᠲᠠᠨᠢᠵᠦ ᠴᠢᠳᠠᠬᠤ ᠪᠤᠯᠵᠠᠢ᠂ ᠪᠢᠴᠢᠬᠦ ᠴᠦ ᠮᠡᠳᠡᠭᠳᠡᠮᠠ ᠲᠡᠭᠡᠭᠰᠢᠯᠡᠭᠰᠡᠨ᠃ ᠲᠡᠷᠡᠴᠢᠯᠡᠨ ᠶᠠᠮᠠᠷ ᠴᠤ | ᠰᠦᠢᠳᠬᠡᠯ ᠲᠤᠰᠢᠶᠠᠬᠤ ᠦᠬᠡᠢ ᠪᠠᠷ ᠡᠬᠡ ᠬᠡᠯᠡ ᠪᠠᠨ ᠰᠤᠷᠬᠤ ᠪᠤᠯᠤᠭᠰᠠᠨ ᠨᠢ ᠨᠠᠳᠠᠳᠤ ᠠᠪᠴᠤ ᠬᠡᠯᠡᠪᠡᠯ ᠶᠤᠰᠤᠳᠠᠢ ᠤᠯᠳᠠᠰᠢ ᠦᠭᠡᠢ ᠰᠠᠶᠢᠬᠠᠨ | ᠵᠠᠪᠰᠢᠶᠠᠨ ᠰᠢᠦ︾ ᠬᠡᠵᠦ ᠪᠠᠶᠠᠷᠳᠠᠶᠢᠬᠠᠨ ᠶᠠᠷᠢᠵᠦ ᠪᠠᠶᠢᠯᠠ᠃ | ᠶᠠᠮᠠᠷ ᠴᠦ ᠠᠵᠦ ᠠᠬᠤᠢ ᠢᠷᠡᠯᠳᠡ ᠦᠬᠡᠢ ᠤᠶᠤᠳᠠᠨ ᠵᠠᠯᠠᠭᠤ ᠡᠶᠢᠮᠦᠷᠬᠦ ᠪᠤᠶᠠᠨᠰᠠᠭ ᠦᠢᠯᠡ ᠠᠵᠢᠯᠯᠠᠭᠠ ᠡᠷᠬᠢᠯᠡᠵᠦ | ᠬᠢᠨᠡ ᠬᠡᠭᠴᠢ ᠶᠡᠬᠡᠬᠡᠨ ᠬᠡᠮᠵᠢᠶᠡᠨ ᠬᠦᠴᠦ ᠵᠠᠷᠤᠴᠠᠭᠤᠯᠬᠤ ᠨᠢ ᠶᠠᠷᠢᠶᠠᠨ ᠦᠬᠡᠢ᠃ ᠡᠨᠡ ᠨᠢ ᠤᠶᠤᠳᠠᠨ ᠪᠠᠶᠠᠨᠳᠠᠯ ᠠ ᠰᠦᠰᠦ | ᠵᠤᠷᠢᠭᠳᠠᠢ ᠮᠦᠷᠳᠡᠭᠡᠨ ᠲᠡᠰᠪᠦᠷᠢ ᠲᠡᠪᠴᠢᠶᠡᠷᠢ ᠲᠠᠢ ᠭᠡᠳᠡᠭ ᠢ ᠬᠠᠷᠠᠭᠤᠯᠤᠨᠠ᠃ ᠬᠠᠷᠢᠭᠤ ᠨᠡᠭᠡᠳᠡᠭ ᠦᠭᠡᠢ ᠪᠤᠶᠠᠨ ᠦᠢᠯᠡ ᠬᠠᠮᠤᠭ | ᠦᠨᠡᠳᠡᠢ ᠭᠡᠳᠡᠭ᠃ ᠲᠡᠬᠦᠨ ᠶᠠᠮᠠᠷ ᠴᠤ ᠬᠠᠷᠠᠮᠵᠢ ᠲᠤᠭᠠᠴᠠᠬᠤ ᠦᠭᠡᠢ ᠪᠠᠷ ᠨᠡᠩ ᠤᠯᠠᠨ ᠬᠦᠮᠦᠰ ᠲᠤ ᠡᠬᠡ ᠬᠡᠯᠡ ᠪᠠᠨ ᠰᠤᠷᠭᠠᠬᠤ | ᠭᠡᠰᠡᠨ ᠤᠷᠤᠯᠳᠤᠯᠭᠠ ᠴᠢᠷᠮᠠᠶᠢᠯᠭᠠ ᠨᠡᠨᠳᠢᠨ ᠵᠢᠳᠬᠦᠯ ᠳᠤ ᠲᠤᠭᠠᠴᠠᠬᠳᠠᠬᠤ ᠶᠤᠰᠤᠳᠠᠢ᠃ | |