ᠤᠢᠢᠷᠠ ᠶᠢᠨ ᠡᠲᠦᠷ᠂ ᠠᠷᠤᠭ ᠡᠭᠦᠷᠦᠭᠰᠡᠨ ᠵᠢᠭᠠᠯ ᠬᠦᠦ ᠡᠪᠦᠭᠡ ᠲᠠᠢ ᠪᠠᠨ ᠬᠠᠮᠲᠤ ᠠᠷᠭᠠᠯ ᠲᠡᠬᠦᠵᠦ ᠪᠠᠢᠢᠭᠰᠠᠨ ᠸᠢᠳᠢᠤ᠋ | ᠸᠢᠴᠠᠲ ᠶᠢᠡᠷ ᠰᠠᠴᠤᠭᠲᠠᠵᠤ᠂ ᠮᠠᠯ ᠳ᠋ᠤ ᠬᠠᠢᠢᠷᠠᠲᠠᠢ ᠬᠦᠮᠦᠨ ᠪᠦᠬᠦᠨ ᠤ ᠲᠠᠭᠠᠰᠢᠶᠠᠯ ᠢ ᠬᠦᠷᠲᠡᠵᠦ ᠪᠠᠢᠢᠭᠰᠠᠨ ᠢ ᠲᠠ ᠪᠦᠬᠦᠨ | ᠪᠦᠷ ᠠᠨᠳᠠᠯ ᠦᠭᠡᠢ ᠰᠠᠢᠢᠨ ᠮᠡᠲᠡᠬᠦ ᠪᠠᠢᠢᠬᠠ᠃ ᠸᠢᠳᠢᠤ᠋ ᠳ᠋ᠤ ᠭᠠᠷᠲᠠᠭ ᠡᠨᠡ ᠵᠢᠭᠠᠯ ᠬᠦᠦ ᠶᠢ ᠦᠯᠡᠮᠵᠢ ᠭᠡᠲᠡᠭ᠃ ᠲᠡᠷᠡᠪᠡᠷ 2014 | ᠤᠨ ᠳ᠋ᠤ ᠠᠷᠤ ᠬᠤᠷᠴᠢᠨ ᠬᠤᠰᠢᠭᠤᠨ ᠤ ᠪᠠᠯᠴᠢᠷᠤᠳ ᠰᠤᠮᠤᠨ ᠤ ᠰᠠᠷᠠᠭᠤᠯᠲᠠᠯᠠ ᠭᠠᠴᠠᠭᠠᠨ ᠤ ᠮᠠᠯᠴᠢᠨ ᠵᠢᠷᠦᠬᠡ ᠶᠢᠨ ᠬᠦᠦ ᠪᠤᠯᠤᠨ | ᠵᠠᠶᠠᠭᠠᠵᠠᠢ᠃ ᠦᠷᠠ ᠶᠢᠨ ᠵᠤᠯᠠᠢ ᠦᠨᠦᠷᠯᠡᠨ ᠡᠵᠢ ᠠᠪᠤ ᠪᠤᠯᠬᠤ ᠵᠢᠷᠭᠠᠯ ᠢ ᠡᠳ᠋ᠯᠡᠭᠰᠡᠨ ᠵᠢᠷᠦᠬᠡ ᠪᠤᠯᠤᠨ ᠨᠠᠬᠢᠶᠠ ᠬᠦᠮᠦᠨ ᠤ | ᠤᠬᠠᠭᠠᠨ ᠰᠠᠨᠠᠭᠠ ᠶᠢ ᠦᠯᠡᠮᠵᠢ ᠳ᠋ᠡᠭᠡᠨ ᠵᠠᠯᠭᠠᠮᠵᠢᠯᠠᠵᠤ ᠶᠠᠪᠤᠬᠤ ᠶᠢᠨ ᠰᠠᠢᠢᠬᠠᠨ ᠵᠦᠩᠨᠡᠯ ᠶᠢᠡᠷ ᠬᠦᠦ ᠳ᠋ᠡᠭᠡᠨ ᠦᠯᠡᠮᠵᠢ ᠭᠡᠲᠡᠭ ᠰᠠᠢᠢᠬᠠᠨ | ᠨᠡᠷᠡ ᠶᠢ ᠬᠠᠢᠢᠷᠠᠯᠠᠭᠰᠠᠨ ᠴᠤ ᠪᠤᠯᠪᠠᠦ | | ᠦᠯᠡᠮᠵᠢ ᠶᠢᠨ ᠠᠷᠭᠠᠯ ᠲᠡᠬᠦᠵᠦ ᠪᠠᠢᠢᠭᠰᠠᠨ ᠸᠢᠳᠢᠤ᠋ ᠶᠢ ᠲᠡᠭᠦᠨ ᠤ ᠠᠪᠠᠭᠠ ᠡᠵᠢ ᠨᠢ ᠵᠢᠷᠤᠭᠯᠠᠵᠤ ᠠᠩᠬᠠ ᠰᠠᠲᠤᠨ | ᠲᠦᠷᠦᠯ ᠤᠨ ᠶᠢᠡᠨ ᠸᠢᠴᠠᠲ ᠢᠶᠡᠷ ᠶᠠᠪᠤᠭᠤᠯᠤᠭᠰᠠᠨ ᠭᠡᠲᠡᠭ᠃ ᠭᠡᠬᠦ ᠳ᠋ᠡᠭᠡᠨ ᠲᠡᠷᠡ ᠸᠢᠳᠢᠤ᠋ ᠨᠢ ᠶᠠᠭᠠᠬᠢᠵᠤ ᠪᠠᠢᠢᠭᠠᠳ ᠸᠢᠴᠠᠲ ᠤᠨ | ᠴᠤᠮᠤᠷᠯᠢᠭ ᠶᠢᠡᠷ ᠲᠠᠮᠵᠢᠭᠲᠠᠭᠰᠠᠨ ᠢ ᠦᠯᠡᠮᠵᠢ ᠶᠢᠨ ᠠᠪᠤ ᠵᠢᠷᠦᠬᠡ ᠴᠤ ᠮᠡᠲᠡᠭᠰᠡᠨ ᠦᠭᠡᠢ᠃ ᠨᠢᠭᠡ ᠮᠡᠲᠡᠬᠦ ᠳ᠋ᠤ ᠯᠡ ᠭᠠᠵᠠᠷ ᠭᠠᠵᠠᠷ ᠤᠨ | ᠬᠦᠮᠦᠰ ᠬᠦᠦ ᠶᠢᠨ ᠬᠢᠨᠢ ᠠᠷᠭᠠᠯ ᠲᠡᠭᠦᠵᠦ ᠪᠠᠢᠢᠭᠰᠠᠨ ᠸᠢᠳᠢᠤ᠋ ᠶᠢ ᠶᠡᠬᠡᠬᠡᠨ ᠲᠠᠮᠵᠢᠭᠤᠯᠵᠤ᠂ ᠸᠢᠴᠠᠲ ᠤᠨ | ᠴᠤᠮᠤᠷᠯᠢᠭ ᠶᠢᠡᠷ《ᠦᠯᠡᠮᠵᠢ ᠶᠢᠨ ᠬᠠᠯᠠᠭᠤᠷᠠᠯ》 ᠡᠭᠦᠰᠭᠡᠴᠢᠭᠡᠭ᠍ᠰᠡᠨ ᠪᠠᠢᠢᠯᠠ᠃ | | ᠦᠯᠡᠮᠵᠢ ᠡᠨᠡ ᠵᠢᠯ ᠰᠠᠶᠢ ᠬᠤᠶᠠᠷᠬᠠᠨ ᠤᠢ ᠦᠩᠭᠡᠷᠡᠵᠦ ᠪᠠᠢᠢᠪᠠᠴᠦ᠂ ᠬᠡᠢ ᠨᠠᠰᠤ ᠪᠡᠷ ᠶᠢᠡᠨ ᠲᠦᠷᠪᠡ ᠬᠦᠷᠦᠭᠰᠡᠨ《ᠲᠤᠮᠤ | ᠡᠷᠡ ᠬᠦᠮᠦᠨ》ᠪᠤᠯᠵᠠᠢ᠃ ᠦᠯᠡᠮᠵᠢ ᠶᠢᠨ ᠠᠪᠤ ᠡᠵᠢ ᠨᠢ ᠭᠡᠵᠦ ᠭᠤᠴᠢ ᠭᠠᠷᠴᠤ ᠪᠠᠢᠢᠭᠠ ᠬᠦᠲᠡᠭᠡ ᠶᠢᠨ ᠡᠭᠡᠯ ᠮᠠᠯᠴᠢᠨ᠃ ᠬᠦᠲᠡᠭᠡ | ᠨᠤᠲᠤᠭ ᠤᠨ ᠮᠠᠯᠵᠢᠬᠤ ᠠᠮᠢᠲᠤᠷᠠᠯ ᠭᠡᠵᠦ ᠡᠲᠦᠷᠵᠢᠨ ᠮᠠᠯ ᠤᠨ ᠢᠶᠡᠨ ᠬᠤᠢᠢᠨ ᠠ ᠡᠴᠡ ᠪᠤᠷᠪᠢ ᠪᠤᠬᠢᠰᠬᠢᠯ ᠦᠭᠡᠢ ᠶᠠᠭᠠᠷᠠᠲᠠᠭ ᠪᠤᠯᠬᠤᠷ | ᠦᠯᠡᠮᠵᠢ ᠡᠲᠦᠷᠵᠢᠨ ᠡᠪᠦᠭᠡ ᠡᠮᠡᠬᠡ ᠲᠠᠢ ᠪᠠᠨ ᠬᠠᠮᠲᠤ ᠪᠠᠢᠢᠯᠴᠠᠲᠠᠭ᠃ ᠦᠷᠯᠦᠭᠡ ᠪᠤᠰᠤᠩᠭ᠋ᠤᠲᠠ ᠪᠠᠨ ᠡᠪᠦᠭᠡ ᠡᠮᠡᠭᠡ ᠶᠢᠨ ᠳ᠋ᠡᠭᠡᠨ | ᠬᠦᠶᠦᠵᠦ ᠤᠴᠢᠲᠠᠭ ᠨᠢ ᠦᠯᠡᠮᠵᠢ ᠶᠢᠨ ᠨᠢᠭᠡ ᠡᠲᠦᠷ ᠤᠨ ᠬᠠᠮᠤᠭ ᠤᠨ ᠠᠩᠬᠠᠨ ᠤ ᠠᠵᠢᠯ ᠨᠢ ᠭᠡᠯᠲᠡᠢ᠃ ᠭᠡᠬᠦ ᠳ᠋ᠡᠭᠡᠨ ᠦᠯᠡᠮᠵᠢ ᠬᠦᠦ | ᠪᠤᠰᠤᠳ ᠬᠡᠦᠬᠡᠳ ᠤᠨ ᠰᠢᠭ᠌ ᠰᠢᠬᠢᠷ ᠪᠤᠭᠤᠷᠰᠤᠭ ᠢᠲᠡᠨᠡ ᠭᠡᠵᠦ ᠡᠪᠦᠭᠡ ᠡᠮᠡᠭᠡ ᠳ᠋ᠡᠭᠡᠨ ᠡᠷᠬᠡᠯᠡᠵᠦ ᠰᠠᠭᠤᠲᠠᠭ ᠦᠭᠡᠢ ᠬᠠᠷᠢᠨ | ᠡᠪᠦᠭᠡ ᠲᠠᠢ ᠪᠠᠨ ᠬᠠᠮᠲᠤ ᠠᠷᠭᠠᠯ ᠲᠡᠬᠦᠨᠡ ᠭᠡᠵᠦ ᠬᠠᠨᠴᠤᠢ ᠰᠢᠮᠠᠯᠠᠨ ᠬᠦᠶᠦᠲᠡᠭ ᠨᠢ ᠠᠮᠢᠲᠤᠷᠠᠯ ᠳ᠋ᠤ ᠬᠠᠢᠢᠷᠠᠲᠠᠢ ᠠᠵᠢᠯᠴᠢ ᠬᠦᠦ | ᠪᠤᠯᠤᠨᠠ ᠭᠡᠲᠡᠭ ᠤᠨ ᠬᠢᠨᠢ ᠰᠢᠨᠵᠢ ᠲᠡᠮᠲᠡᠭ ᠴᠤ ᠪᠤᠯᠪᠠᠤ ᠦᠯᠡᠮᠵᠢ ᠬᠦᠦ ᠡᠲᠦᠷᠵᠢᠨ ᠠᠷᠭᠠᠯ ᠲᠡᠬᠦᠨᠡ ᠭᠡᠵᠦ ᠲᠤᠮᠤ ᠠᠷᠤᠭ ᠰᠠᠪᠠᠷ | ᠴᠢᠷᠴᠦ ᠡᠪᠦᠭᠡ ᠪᠠᠨ ᠲᠠᠭᠠᠵᠤ ᠭᠦᠶᠦᠲᠡᠭ ᠪᠤᠯᠬᠤᠷ ᠡᠪᠦᠭᠡ ᠨᠢ ᠬᠠᠢᠢᠷᠠᠲᠠᠢ ᠤᠮᠪᠤᠯᠤ ᠶᠢᠨ ᠢᠶᠡᠨ ᠨᠢᠷᠤᠭᠤ ᠶᠢ ᠨᠢ ᠭᠡᠮᠲᠦᠭᠡᠬᠦᠵᠡᠢ ᠬᠡᠮᠡᠨ | ᠰᠢᠨᠡ ᠪᠤᠷᠭᠠᠰᠤ ᠬᠠᠲᠤᠵᠤ ᠨᠢᠬᠡ ᠰᠦᠨᠢ ᠰᠠᠭᠤᠵᠦ ᠪᠠᠢᠢᠭᠠᠳ ᠵᠢᠵᠢᠭ᠌ ᠠᠷᠤᠭ ᠬᠦᠷᠦᠵᠦ ᠦᠭ᠍ᠬᠦᠭ᠍ᠰᠡᠨ ᠭᠡᠲᠡᠭ᠃ ᠡᠬᠦᠷᠬᠦ ᠳ᠋ᠤ ᠲᠦᠬᠦᠮ | ᠪᠠᠷᠢᠬᠤ ᠳ᠋ᠤ ᠡᠪᠲᠡᠢ ᠵᠢᠵᠢᠭ᠌ ᠠᠷᠤᠭ ᠰᠠᠪᠠᠷ ᠲᠠᠢ ᠪᠤᠯᠤᠭᠰᠠᠨ ᠦᠯᠡᠮᠵᠢ ᠬᠦᠦ ᠤᠯᠠᠮ ᠢᠶᠡᠷ ᠴᠤ ᠪᠠᠶᠠᠷᠯᠠᠨ ᠡᠲᠦᠷᠵᠢᠨ ᠡᠪᠦᠭᠡ ᠲᠠᠢ ᠪᠠᠨ | ᠬᠠᠮᠲᠤ ᠠᠷᠭᠠᠯ ᠲᠡᠭᠦᠲᠡᠭ ᠪᠤᠯᠵᠠᠢ᠃ ᠲᠡᠷᠡᠪᠡᠷ ᠡᠪᠦᠭᠡ ᠪᠠᠨ 《ᠬᠠᠮᠵᠢᠵᠤ》ᠮᠠᠯ ᠤᠨ ᠬᠠᠰᠢᠶᠠ ᠰᠠᠷᠠᠪᠴᠢ ᠳ᠋ᠡᠬᠢ ᠬᠤᠭ ᠢ | ᠴᠡᠪᠡᠷᠯᠡᠬᠦ ᠪᠡᠷ ᠪᠠᠷᠠᠬᠤ ᠦᠭᠡᠢ ᠬᠦᠲᠡᠭᠡ ᠭᠠᠲᠠᠨᠠᠬᠢ ᠠᠷᠭᠠᠯ ᠢ ᠴᠤ ᠲᠡᠭᠦᠨᠡ ᠭᠡᠵᠦ ᠡᠪᠦᠭᠡ ᠲᠠᠢ ᠪᠠᠨ ᠬᠠᠮᠲᠤ ᠪᠤᠷᠪᠢ ᠪᠤᠬᠢᠰᠬᠢᠯ ᠦᠭᠡᠢ | ᠶᠠᠭᠠᠷᠠᠲᠠᠭ ᠠᠵᠢᠯᠴᠢ ᠬᠦᠦ ᠪᠤᠯᠵᠠᠢ᠃ | | ᠠᠷᠭᠠᠯ ᠲᠡᠬᠦᠬᠦ ᠡᠴᠡ ᠭᠠᠲᠠᠨᠠ ᠬᠤᠷᠠᠭᠠ《ᠤᠷᠭᠠᠯᠠᠬᠤ》᠂ ᠬᠤᠷᠠᠭᠠ ᠤᠭᠵᠢᠬᠤ᠂ ᠲᠤᠮᠤᠴᠤᠤᠯ ᠢ ᠬᠠᠮᠵᠢᠨ ᠡᠨᠡ | ᠲᠡᠷᠡ ᠶᠢ ᠨᠢ ᠤᠢᠢᠷᠠᠲᠤᠭᠤᠯᠵᠤ ᠦᠭ᠍ᠬᠦᠨᠡ ᠭᠡᠵᠦ ᠬᠦᠶᠦᠲᠡᠭ ᠨᠢ ᠦᠯᠡᠮᠵᠢ ᠢᠶᠨ ᠡᠲᠦᠷ ᠲᠤᠲᠤᠮ ᠤᠨ ᠠᠵᠢᠯ᠃《ᠬᠤᠸᠠ ᠮᠤᠬᠤᠷ᠂ | ᠲᠠᠯᠠᠨ ᠮᠤᠬᠤᠷ᠂ ᠬᠤᠸᠠ ᠲᠠᠯᠠᠨ᠁》ᠭᠡᠬᠦᠴᠢᠯᠡᠨ ᠮᠠᠯ ᠤᠨ ᠢᠶᠡᠨ ᠦᠩᠭᠡ ᠵᠢᠰᠦᠮ ᠢ ᠢᠯᠭᠠᠨ ᠲᠠᠨᠢᠬᠤ ᠨᠢ ᠲᠡᠬᠦᠨ ᠤ ᠡᠲᠦᠷ | ᠲᠤᠲᠤᠮ ᠤᠨ ᠠᠮᠠᠨ ᠤᠩᠰᠢᠯᠭᠠ᠃ ᠶᠠᠭ ᠡᠢᠢᠮᠦ ᠴᠤ ᠤᠴᠢᠷ ᠡᠴᠡ ᠮᠠᠯ ᠤᠨᠤᠭᠠ ᠤᠰᠤᠯᠠᠵᠤ ᠡᠪᠡᠰᠦᠯᠡᠬᠦ ᠡᠴᠡ ᠠᠪᠤᠭᠠᠳ ᠠᠯᠢ | ᠴᠠᠭ ᠲᠤ ᠶᠠᠭᠤ ᠬᠢᠲᠡᠭ ᠭᠡᠰᠡᠨ ᠢ ᠦᠯᠡᠮᠵᠢ ᠬᠦᠦ ᠠᠨᠲᠠᠯ ᠦᠭᠡᠢ ᠰᠠᠢᠢᠨ ᠮᠡᠲᠡᠲᠡᠭ ᠪᠠᠢᠢᠨᠠ᠃ ᠦᠯᠡᠮᠵᠢ ᠶᠢᠨ ᠠᠪᠤ ᠡᠵᠢ ᠨᠢ | ᠲᠡᠭᠦᠨ ᠡᠴᠡ ᠴᠢ ᠪᠢᠴᠢᠭ᠌ ᠦᠵᠡᠬᠦ ᠤᠤ? ᠮᠠᠯ ᠶᠢᠡᠨ ᠬᠠᠷᠢᠭᠤᠯᠬᠤ ᠤᠤ ? ᠭᠡᠵᠦ ᠠᠰᠠᠭᠤᠬᠤ ᠪᠡᠷ ᠨᠢ ᠦᠯᠡᠮᠵᠢ᠄《ᠮᠠᠯ ᠶᠢᠡᠨ | ᠬᠠᠷᠢᠭᠤᠯᠤᠨᠠ᠂ ᠬᠡᠵᠢᠶᠠ ᠡᠪᠦᠭᠡ ᠠ ᠡ ᠢ ᠰᠤᠷᠬᠤ ᠪᠡᠷ ᠶᠠᠪᠤᠪᠠᠯ ᠪᠢ ᠰᠠᠶᠢ ᠰᠤᠷᠭᠠᠭᠤᠯᠢ ᠳ᠋ᠤ ᠶᠠᠪᠤᠨᠠ》ᠭᠡᠵᠦ ᠬᠡᠦᠬᠡᠳ ᠤᠨ ᠬᠡᠨᠡᠨ | ᠵᠠᠩ ᠶᠢᠡᠷ ᠠᠵᠢᠭ ᠴᠤ ᠦᠭᠡᠢ ᠬᠠᠷᠢᠭᠤᠯᠴᠢᠬᠠᠭᠠᠳ ᠨᠠᠭᠠᠲᠤᠭᠠᠳ ᠬᠦᠶᠦᠴᠢᠬᠡᠲᠡᠭ ᠬᠦᠬᠡᠷᠦᠬᠦᠨ ᠵᠢᠭᠠᠯ᠃ | | 《ᠮᠢᠨᠦ ᠬᠦᠦ ᠬᠠᠷᠠ ᠪᠠᠭᠠ ᠡᠴᠡ ᠪᠠᠨ ᠮᠠᠯ ᠳᠤ ᠬᠠᠢᠢᠷᠠᠲᠠᠢ᠃ ᠬᠤᠷᠠᠭᠠ ᠤᠭᠵᠢᠵᠤ ᠪᠠᠢᠢᠭᠰᠠᠨ ᠰᠦ᠋ ᠨᠢ ᠲᠠᠭᠤᠰᠬᠤᠯᠠᠷ | ᠦᠪᠡᠷ ᠤᠨ ᠤᠤᠭᠤᠬᠤ ᠭᠡᠵᠦ ᠦᠯᠡᠲᠡᠭᠡᠭ᠍ᠰᠡᠨ ᠰᠦ᠋ ᠪᠠᠨ ᠴᠤ ᠬᠠᠷᠠᠮ ᠦᠭᠡᠢ ᠠᠪᠠᠴᠢᠭᠠᠳ ᠦᠭ᠍ᠴᠢᠬᠡᠲᠡᠭ᠃ ᠪᠢᠲᠡᠨᠡᠷ ᠶᠡᠷᠦ ᠳ᠋ᠡᠭᠡᠨ ᠮᠠᠯ | ᠬᠠᠷᠠ ᠭᠡᠳ ᠶᠠᠭᠠᠷᠠᠵᠤ ᠶᠠᠪᠤᠬᠤ ᠪᠡᠷ ᠯᠡ<ᠪᠢ ᠪᠠᠰᠠ ᠬᠠᠮᠵᠢᠭᠠᠳ ᠦᠭ᠍ᠬᠦᠶᠠ>ᠭᠡᠵᠦ ᠬᠠᠵᠠᠭᠤ ᠬᠠᠪᠢ ᠪᠡᠷ ᠲᠡᠯᠲᠡᠭᠡᠨᠡᠭᠡᠳ | ᠬᠦᠶᠦᠲᠡᠭ᠃ ᠭᠡᠬᠦ ᠳ᠋ᠡᠭᠡᠨ ᠬᠡᠲᠦᠢ ᠬᠤᠯᠠ ᠶᠠᠪᠤᠵᠤ ᠬᠡᠲᠦᠢ ᠤᠯᠠᠨ ᠠᠵᠢᠯ ᠬᠢᠭ᠍ᠰᠡᠨ ᠴᠤ <ᠶᠠᠲᠠᠷᠠᠵᠤ ᠪᠠᠢᠢᠨᠠ>ᠭᠡᠲᠡᠭ ᠦᠭᠡ ᠶᠢ | ᠶᠡᠷᠦ ᠨᠢ ᠬᠡᠯᠡᠲᠡᠭ ᠦᠭᠡᠢ᠂ ᠲᠤᠭᠯᠠᠭᠠᠮ ᠢᠶᠡᠨ ᠲᠤᠭᠯᠠᠵᠤ ᠰᠠᠭᠤᠵᠤ ᠪᠠᠢᠢᠭᠰᠠᠨ ᠢᠶᠡᠨ ᠨᠢᠭᠡ ᠮᠡᠲᠡᠬᠦ ᠳ᠋ᠤ ᠯᠡ ᠪᠦᠬᠡ ᠤᠨᠲᠠᠴᠢᠬᠠᠭᠰᠠᠨ | ᠪᠠᠢᠢᠲᠠᠭ᠃ ᠪᠤᠲᠤᠬᠤ ᠳ᠋ᠤ ᠯᠡ ᠨᠢᠭᠡ ᠠᠵᠢᠯᠴᠢ ᠶᠠᠭᠤᠮᠠ ᠭᠠᠷᠬᠤ ᠨᠢ ᠡ》ᠭᠡᠬᠦ ᠵᠢᠷᠦᠬᠡ ᠶᠢᠨ ᠶᠠᠷᠢᠶᠠ ᠡᠴᠡ ᠬᠦᠦ ᠪᠡᠷ ᠢᠶᠡᠨ | ᠪᠠᠬᠠᠷᠬᠠᠬᠰᠠᠨ ᠠᠪᠤ ᠬᠦᠮᠦᠨ ᠤ ᠬᠠᠢᠢᠷᠠ ᠢᠪᠢᠯᠬᠦ ᠨᠢ ᠮᠡᠲᠡᠷᠡᠭᠲᠡᠨᠡ᠃ | | ᠬᠡᠦᠬᠡᠳ ᠬᠡᠦᠬᠡᠳ ᠲᠠᠢ ᠠᠳᠠᠯᠢ ᠦᠭᠡᠢ ᠬᠤᠶᠠᠷᠬᠠᠨ ᠨᠠᠰᠤᠨ ᠡᠴᠡ ᠪᠠᠨ ᠠᠷᠤᠭ ᠡᠭᠦᠷᠴᠦ ᠮᠠᠯ ᠢᠶᠡᠨ ᠲᠤᠲᠤᠮᠲᠠᠨᠠ ᠭᠡᠵᠦ | ᠬᠦᠶᠦᠲᠡᠭ ᠡᠨᠡ ᠵᠢᠭᠠᠯ ᠬᠦᠦ ᠢᠶᠨ ᠪᠠᠶᠠᠨ ᠡᠴᠡ ᠮᠠᠯ ᠳᠠᠭᠠᠨ ᠬᠠᠢᠢᠷᠠᠲᠠᠢ ᠠᠵᠢᠯᠴᠢ ᠪᠤᠷᠤᠭᠵᠢᠭᠤᠨ ᠮᠤᠩᠭ᠋ᠤᠯ ᠬᠦᠮᠦᠨ ᠤ | ᠦᠯᠡᠮᠵᠢ ᠶᠢᠨ ᠴᠢᠨᠠᠷ ᠬᠠᠷᠠᠭᠲᠠᠵᠤ᠂ ᠮᠠᠯᠵᠢᠬᠤ ᠤᠬᠠᠭᠠᠨ ᠦᠯᠡᠮᠵᠢ ᠤᠯᠠᠮᠵᠢᠯᠠᠭᠲᠠᠬᠤ ᠢᠶᠨ ᠰᠠᠢᠢᠬᠠᠨ ᠵᠦᠩ ᠮᠡᠲᠡᠭᠲᠡᠨᠡ᠁ | ᠢᠷᠡᠯᠳᠡ᠄ ᠦᠪᠦᠷ ᠡᠲᠦᠷ ᠤᠨ ᠰᠤᠨᠢᠨ |