ᠣᠷᠴᠢᠮ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠳᠠᠷᠬᠠᠨ ᠰᠤᠮᠤᠨ ᠤ ᠠᠯᠳᠠᠠᠲᠤᠭ ᠭᠠᠴᠠᠭᠠᠨ ᠤ ᠬᠢᠨ | ᠭᠠᠴᠠᠭᠠᠨ ᠳᠤ ᠰᠠᠭᠤᠭᠠ ᠺᠠᠳ᠋ᠷ ᠦ᠊· ᠰᠦᠬᠡ ᠳᠤ ︽ᠦᠨᠳᠦᠰᠦᠲᠡᠨ ᠤ ᠰᠤᠷᠭᠠᠨ ᠬᠥᠮᠦᠵᠢᠯ ᠤᠨ ᠨᠡᠶᠢᠲᠡᠯᠢᠭ ᠵᠢᠱᠢᠶᠡ᠂ ᠤᠨᠢᠨ | ᠲᠡᠭᠡᠷᠡ ᠨᠢ ᠶᠠᠳᠠᠭᠤ ᠶᠢ ᠳᠡᠳᠬᠦᠭᠰᠡᠨ ᠬᠡᠪ ᠳᠠᠭᠤᠷᠢᠶᠠᠯ︾ ᠭᠡᠰᠡᠨ ᠬᠡᠮᠡᠷᠯᠢᠭ ᠲᠤᠭ ᠢ ᠬᠦᠷᠭᠡᠵᠦ᠂ ᠲᠡᠭᠦᠨ ᠤ ᠭᠠᠴᠠᠭᠠᠨ ᠳᠤ | ᠢᠷᠡᠭᠰᠡᠨ ᠤ ᠳᠠᠷᠠᠭᠠᠬᠢ ᠬᠢᠭᠰᠡᠨ ᠰᠠᠶᠢᠨ ᠶᠠᠪᠤᠳᠠᠯ ᠳᠤᠨᠢ ᠲᠠᠯᠠᠷᠬᠠᠭᠰᠠᠨ ᠰᠡᠳᠬᠢᠯ ᠢᠶᠠᠨ ᠢᠯᠡᠳᠬᠡᠭᠰᠡᠨ ᠪᠠᠶᠢᠨᠠ᠃ | ᠦ᠊· ᠰᠦᠬᠡ ᠭᠡᠵᠦ ᠳᠤᠷᠠᠳᠬᠤ ᠳᠤ ᠭᠠᠴᠠᠭᠠᠨ ᠤ ᠤᠳᠤᠷᠢᠳᠤᠯᠭᠠ ᠠᠴᠠ ᠲᠡᠭᠦᠨ ᠢ ᠠᠵᠢᠯ ᠳᠠᠭᠠᠨ ᠨᠠᠷᠢᠨ | ᠬᠢᠨᠠᠮᠠᠭᠠᠢ᠂ ᠬᠦᠴᠢᠷ ᠢ ᠢᠯᠠᠬᠤ ᠢᠲᠡᠭᠡᠯ ᠵᠣᠷᠢᠭ ᠲᠠᠢ ᠭᠡᠵᠦ ᠡᠷᠡᠬᠡᠢ ᠭᠠᠷᠭᠠᠨ ᠮᠠᠭᠲᠠᠵᠤ ᠪᠠᠶᠢᠯᠠ᠃ 2015 ᠣᠨ ᠤ 9 | ᠰᠠᠷᠠ ᠳᠤ᠂ ᠳᠠᠷᠠ ᠪᠤᠭᠤᠲᠤ ᠬᠤᠲᠠ ᠶᠢᠨ ᠮᠣᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ ᠠᠴᠠ ᠭᠠᠴᠠᠭᠠᠨ ᠳᠤ ᠰᠠᠭᠤᠬᠤ | ᠺᠠᠳ᠋ᠷ ᠢᠶᠠᠷ ᠠᠯᠲᠠᠠᠲᠤᠭ ᠭᠠᠴᠠᠭᠠᠨ ᠳᠤ ᠢᠷᠡᠵᠦ᠂ ᠲᠤᠰ ᠭᠠᠴᠠᠭᠠᠨ ᠤ ᠠᠷᠠᠳ ᠤᠨ ᠦᠢᠯᠡᠳᠪᠦᠷᠢᠯᠡᠯ ᠠᠮᠢᠳᠤᠷᠠᠯ ᠤᠨ ᠪᠠᠶᠢᠳᠠᠯ ᠢ | ᠣᠶᠢᠯᠠᠭᠠᠬᠤ ᠶᠢᠨ ᠲᠥᠯᠦᠭᠡ᠂ ᠡᠳᠦᠷ ᠪᠣᠯᠭᠠᠨ ᠨᠢᠭᠡ ᠬᠤᠶᠠᠷ ᠵᠠᠭᠤᠨ ᠺᠢᠯᠤᠮᠧᠳ᠋ᠷ ᠭᠠᠵᠠᠷ ᠠᠶᠠᠯᠠᠨ᠂ ᠥᠪᠡᠷ ᠲᠡᠭᠡᠨ | ᠳᠣᠭᠲᠠᠭᠠᠭᠰᠠᠨ ︽ᠨᠢᠭᠡ ᠳᠤ ᠣᠶᠢᠯᠠᠭᠠᠨ᠂ ᠬᠤᠶᠠᠷ ᠲᠤ ᠬᠤᠷᠢᠶᠠᠩᠭᠤᠶᠢᠯᠠᠵᠤ᠂ ᠭᠤᠷᠪᠠ ᠳᠤ ᠰᠢᠢᠳᠪᠦᠷᠢᠯᠡᠬᠦ︾ ᠠᠵᠢᠯ ᠤᠨ | ᠠᠷᠭᠠ ᠪᠠᠷ ᠡᠷᠦᠭᠡ ᠳᠤ ᠭᠦᠨᠵᠡᠭᠡᠶᠢᠷᠡᠨ᠂ ᠡᠯᠡ ᠲᠥᠷᠦᠯ ᠤᠨ ᠠᠵᠢᠯ ᠢᠶᠠᠨ ᠡᠬᠢᠯᠡᠭᠦᠯᠦᠭᠰᠡᠨ ᠪᠠᠶᠢᠨᠠ᠃ | ᠦ᠊· ᠰᠦᠬᠡ ᠪᠠᠶᠢᠳᠠᠯ ᠣᠶᠢᠯᠠᠭᠠᠬᠤ ᠶᠠᠪᠤᠴᠠ ᠳᠤᠮᠳᠠ ᠪᠠᠨ ᠣᠳᠬᠠᠨᠪᠠᠭᠠᠲᠤᠷ ᠠᠬᠠ ᠲᠠᠢ ᠪᠠᠨ ᠠᠪᠤ ᠡᠵᠢ ᠶᠢᠨ ᠢᠶᠠᠨ | ᠦᠯᠡᠳᠡᠭᠡᠵᠦ ᠥᠭᠭᠦᠭᠰᠡᠨ ᠠᠷᠠᠢ ᠳᠥᠴᠢᠨ ᠳᠡᠭᠰᠢ ᠳᠥᠷᠪᠡᠯᠵᠢᠨ ᠮᠧᠳ᠋ᠷ ᠬᠦᠷᠬᠦ ᠦᠭᠡᠢ ᠵᠢᠵᠢᠭᠬᠡᠨ ᠰᠢᠪᠠᠷ ᠪᠠᠶᠢᠰᠢᠩ ᠳᠤ | ᠰᠠᠭᠤᠵᠤ᠂ ᠨᠤᠲᠤᠭ ᠪᠡᠯᠴᠢᠭᠡᠷ ᠤᠨ ᠢᠶᠠᠨ ᠨᠥᠬᠦᠪᠦᠷᠢ ᠮᠥᠩᠭᠦ ᠪᠠᠷ ᠳᠥᠩᠭᠡᠵᠢ ᠠᠮᠢᠳᠤᠷᠠᠵᠤ ᠪᠠᠶᠢᠬᠤ ᠪᠠᠶᠢᠳᠠᠯ ᠢ ᠣᠶᠢᠯᠠᠭᠠᠵᠤ | ᠮᠡᠳᠡᠭᠰᠡᠨ ᠪᠠᠶᠢᠨᠠ᠃ ᠣᠳᠬᠠᠠᠪᠠᠭᠠᠲᠤᠷ ᠢ ᠳᠡᠮᠵᠢᠬᠦ ᠪᠠᠷ ᠤᠷᠢᠳᠠᠪᠠᠷ ᠲᠡᠭᠦᠨ ᠤ ᠰᠠᠭᠤᠬᠤ ᠭᠡᠷ ᠢ ᠨᠢ ᠰᠢᠨᠡᠳᠬᠡᠬᠦ ᠪᠠᠷ | ᠭᠠᠴᠠᠭᠠᠨ ᠤ ᠺᠠᠳ᠋ᠷ ᠲᠠᠢ ᠵᠥᠪᠳᠡᠯᠴᠡᠨ᠂ ᠰᠢᠢᠳᠪᠦᠷᠢᠯᠡᠬᠦ ᠳᠥᠰᠥᠯ ᠳᠣᠭᠲᠠᠭᠠᠨ᠂ ᠭᠡᠷ ᠪᠠᠷᠢᠬᠤ ᠪᠡᠯᠡ ᠮᠥᠩᠭᠦ᠂ ᠪᠠᠷᠢᠯᠭᠠ ᠶᠢᠨ | ᠮᠠᠲ᠋ᠧᠷᠢᠶᠠᠯ ᠢ ᠨᠢ ᠡᠬᠢᠯᠡᠨ ᠪᠡᠯᠡᠳᠬᠡᠵᠦ᠂ ᠭᠠᠴᠠᠭᠠᠨ ᠤ ᠱᠦᠵᠢ ᠲᠠᠢ ᠬᠠᠮᠵᠢᠯᠴᠠᠨ᠂ ᠪᠠᠩᠭᠢ ᠠᠴᠠ 1.5 ᠲᠥᠮᠡᠨ | ᠲᠥᠭᠦᠷᠢᠭ ᠤᠨ ᠵᠢᠭᠡᠯᠡᠯᠭᠡ ᠣᠯᠵᠤ ᠥᠭᠬᠦ ᠶᠢᠨ ᠬᠠᠮᠲᠤ ᠥᠪᠡᠷ ᠤᠨ ᠴᠠᠯᠢᠩ ᠠᠴᠠ ᠪᠠᠨ 3000 ᠲᠥᠭᠦᠷᠢᠭ ᠳᠤᠰᠠᠯᠠᠨ᠂ | ᠭᠠᠴᠠᠭᠠᠨ ᠠᠴᠠ ᠲᠣᠭᠤᠰᠬᠠ᠂ ᠥᠩᠭᠡᠲᠦ ᠲᠡᠮᠦᠷᠯᠢᠭ ᠵᠡᠷᠭᠡ ᠪᠠᠷᠢᠯᠭᠠ ᠶᠢᠨ ᠮᠠᠲ᠋ᠧᠷᠢᠶᠠᠯ ᠬᠠᠩᠭᠠᠨ ᠥᠭᠴᠦ᠂ ᠬᠤᠶᠠᠷ | ᠰᠠᠷᠠ ᠶᠢᠨ ᠳᠠᠷᠠᠭᠠ᠂ 80 ᠳᠡᠭᠰᠢ ᠳᠥᠷᠪᠡᠯᠵᠢᠨ ᠮᠧᠲᠷ ᠤᠨ ᠴᠣ ᠰᠢᠨᠡ ᠲᠣᠭᠤᠰᠬᠠᠨ ᠭᠡᠷ ᠢ ᠪᠠᠷᠢᠵᠤ ᠳᠠᠭᠤᠰᠬᠠᠨ᠂ ᠨᠡᠭᠦᠨ | ᠣᠷᠤᠭᠰᠠᠨ ᠪᠠᠶᠢᠨᠠ᠃ | |