5 ᠰᠠᠷᠠ ᠵᠢᠨ 1 ᠡᠳᠦᠷ᠍᠂ ᠬᠢᠩᠭᠠᠨ ᠤᠯᠠᠭᠠᠨᠬᠤᠳᠠ ᠵᠢᠨ ᠠᠷᠠᠳ ᠲᠦᠮᠡᠨ︽5.1︾ᠠᠭᠤᠳᠠᠮ | ᠳᠠᠯᠠᠪᠠᠢ ᠳ᠋ᠤ ᠬᠤᠷᠠᠨ ᠴᠤᠭᠯᠠᠷᠠᠵᠤ᠂ ᠳᠠᠪᠤᠨ ᠰᠠᠷᠠ ᠵᠢᠨ ᠨᠢᠭᠡᠨ ᠤᠯᠠᠨ ᠲᠦᠮᠡᠨᠴᠢ ᠰᠤᠶᠤᠯ ᠳᠠᠮᠢᠷ᠍ ᠠᠵᠢᠯᠯᠠᠭᠠ | ᠦᠷᠨᠢᠭᠦᠯᠵᠤ᠂ ᠦᠪᠦᠷ᠍ ᠮᠤᠩᠭᠤᠯ ᠦᠪᠡᠷᠳᠡᠭᠡᠨ ᠵᠠᠰᠠᠬᠤ ᠤᠷᠤᠨ ᠪᠠᠢᠢᠭᠤᠯᠤᠭᠳᠠᠭᠰᠠᠨ 70 ᠵᠢᠯ ᠤᠢ ᠵᠢ | ᠪᠡᠯᠭᠡᠯᠠᠵᠤ᠂ ᠪᠦᠬᠦ ᠤᠷᠤᠨ ᠡᠯᠠ ᠦᠨᠳᠦᠰᠦᠳᠡᠨ ᠠᠷᠠᠳ ᠲᠦᠮᠡᠨ ᠦᠨᠤᠳᠤᠷ᠍ ᠵᠤᠯ ᠵᠢᠷᠭᠠᠯᠳᠦ ᠠᠮᠢᠳᠤᠷᠠᠯ | ᠵᠢᠡᠨ ᠮᠠᠭᠳᠠᠨ ᠳᠠᠭᠤᠯᠠᠨᠠ᠃ | 1000 ᠬᠦᠮᠦᠨ ᠠᠨᠳᠠᠢ ᠪᠦᠵᠢᠭ ᠳᠤᠭᠯᠠᠯᠳᠠ᠂ 100 ᠰᠤᠷᠤᠭᠴᠢ ᠵᠢᠨ ᠶᠠᠳᠤᠭᠠ ᠵᠢᠨ ᠲᠤᠭᠯᠠᠯᠳᠠ᠂ | 70 ᠬᠦᠮᠦᠨ ᠲᠦᠷᠪᠡᠨ ᠤᠳᠠᠰᠤᠳᠤ ᠬᠤᠭᠤᠷ᠍ ᠬᠦᠭᠵᠢᠮ᠂ 42 ᠬᠡᠦᠭᠡᠳ ᠰᠠᠪᠬᠠᠨ ᠪᠦᠵᠢᠭ ᠁ | 1500 ᠭᠠᠷᠤᠢ ᠬᠦᠮᠦᠨ ᠡᠨᠡ ᠡᠳᠦᠷ᠍ ᠤᠯᠠᠨ ᠲᠦᠮᠡᠨᠴᠢ ᠰᠤᠶᠤᠯ ᠠᠵᠢᠯᠯᠠᠭᠠ ᠳ᠋ᠤ ᠤᠷᠤᠯᠴᠠᠪᠠ᠃ ︽ᠡᠨᠡᠭᠦ | ᠤᠨᠴᠠᠭᠠᠢ ᠴᠠᠭ ᠮᠦᠴᠡ ᠳ᠋ᠤ ᠤᠯᠠᠨ ᠲᠦᠮᠡᠨᠴᠢ ᠠᠵᠢᠯᠯᠠᠭᠠ ᠦᠷᠨᠢᠭᠦᠯᠬᠦ ᠪᠡᠷ᠍ ᠳᠠᠮᠵᠢᠭᠤᠯᠤᠨ ᠬᠤᠪᠢᠰᠬᠠᠯ ᠰᠤᠶᠤᠯ ᠵᠢᠨᠨ | ᠤᠯᠠᠮᠵᠢᠯᠠᠬᠤ᠂ ᠠᠬᠠᠮᠠᠳ ᠨᠢᠭᠡ ᠦᠶᠠ ᠵᠢᠨ ᠬᠢᠨ ᠬᠤᠪᠢᠰᠬᠠᠯ ᠵᠤᠷᠢᠭ ᠰᠠᠨᠠᠭᠠ ᠵᠢ ᠤᠯᠠᠮᠵᠢᠯᠠᠨ ᠪᠠᠳᠠᠷᠠᠭᠤᠯᠵᠤ᠂ | ᠨᠠᠮ ᠠᠷᠪᠠᠨ ᠨᠠᠢᠮᠠᠳᠤᠭᠠᠷ᠍ ᠶᠡᠭᠡ ᠬᠤᠷᠠᠯ ᠡᠴᠡ ᠨᠠᠰᠢᠬᠢ ᠤᠯᠤᠭᠰᠠᠨ ᠤᠯᠠᠨ ᠳᠠᠯᠠ ᠵᠢᠨ ᠴᠢᠬᠤᠯᠠ ᠶᠡᠭᠡ ᠠᠮᠵᠢᠯᠳᠠ | ᠪᠦᠳᠦᠮᠵᠢ ᠵᠢ ᠠᠷᠠᠳ ᠤᠯᠠᠨ ᠬᠦᠷᠳᠡᠭᠡᠮᠵᠢ ᠵᠢᠨ ᠲᠦᠷᠦᠭᠳᠡᠯ ᠨᠡᠩ ᠨᠡᠮᠡᠭᠳᠡᠭᠦᠯᠬᠦ ᠵᠢᠨ ᠲᠦᠯᠦᠭᠡ ᠶᠤᠮ︾ᠭᠡᠵᠤ | ᠤᠯᠠᠭᠠᠨᠬᠤᠳᠠ ᠵᠢᠨ ᠰᠤᠶᠤᠯ ᠳᠠᠮᠢᠷ᠍ ᠳᠤᠪᠴᠢᠶᠠ ᠵᠢᠨ ᠳᠠᠷᠤᠭᠠ ᠸᠠᠩ ᠬᠠᠢ ᠵᠢᠶᠠᠩ ᠰᠤᠷᠪᠤᠯᠵᠢᠯᠠᠭᠴᠢ ᠳ᠋ᠤ ᠬᠡᠯᠡᠪᠡ᠃ | ᠠᠨᠳᠠᠢ ᠪᠦᠵᠢᠭ ᠲᠤᠭᠯᠠᠯᠳᠠ ᠳᠤ ᠤᠷᠤᠯᠴᠠᠭᠰᠠᠨ 57 ᠨᠠᠰᠤᠳᠠᠢ ᠴᠧᠨ ᠱᠦ ᠴᠢᠨ᠄︽ᠬᠢᠩᠭᠠᠨ ᠨᠤᠳᠤᠭ | ᠬᠦᠮᠦᠨ ᠪᠤᠯᠤᠭᠰᠠᠨ ᠳ᠋ᠠᠭᠠᠨ ᠪᠢ ᠮᠠᠰᠢ ᠤᠮᠤᠭᠰᠢᠯ ᠳᠠᠢ᠂ ᠬᠤᠪᠢᠰᠬᠠᠯᠴᠢ ᠨᠢᠭᠡ ᠦᠶᠠ ᠵᠢᠨ ᠬᠢᠨ ᠠᠴᠢ ᠭᠠᠪᠢᠶᠠ ᠪᠡᠷ᠍ | ᠦᠨᠤᠳᠦᠷ᠍ ᠪᠢᠳᠡ ᠵᠢᠷᠭᠠᠯᠳᠤ ᠠᠮᠢᠳᠤᠷᠠᠯ ᠡᠳ᠋ᠯᠡᠵᠤ ᠪᠠᠢᠢᠨᠠ᠃ ᠨᠠᠳᠠ ᠳᠠᠢ ᠬᠠᠮᠳᠤ ᠪᠦᠵᠢᠭᠯᠡᠵᠤ ᠪᠠᠢᠢᠭᠠ ᠬᠦᠮᠦᠰ | ᠳᠤᠳᠤᠷᠠ᠂ ᠨᠠᠳᠠ ᠳᠠᠢ ᠠᠳᠠᠯᠢᠬᠠᠨ ᠠᠵᠢᠯ ᠡᠴᠡ ᠪᠠᠨ ᠠᠮᠠᠷᠠᠭᠰᠠᠨ ᠬᠦᠮᠦᠨ ᠤᠯᠠᠨ ᠶᠤᠮ᠃ ᠪᠢᠳᠡ ᠤᠯᠠᠭᠠᠨᠬᠤᠳᠠ ᠳ᠋ᠠᠭᠠᠨ | ᠬᠠᠢᠢᠷᠠᠳᠠᠢ᠂ ᠦᠪᠦᠷ᠍ ᠮᠤᠩᠭᠤᠯ ᠳ᠋ᠠᠭᠠᠨ ᠬᠠᠢᠢᠷᠠᠳᠠᠢ᠂ ᠡᠭᠡ ᠤᠯᠤᠰ ᠳᠠᠭᠠᠨ ᠬᠠᠢᠢᠷᠠᠳᠠᠢ︾ᠭᠡᠵᠤ ᠬᠡᠯᠡᠭᠦ ᠨᠢ ᠪᠤᠷᠤᠭᠵᠢᠭᠤᠨ | ᠪᠤᠯᠪᠠᠴᠦ ᠬᠦᠨ ᠤᠬᠠᠭᠠᠯᠢᠭ ᠰᠠᠨᠠᠭᠠ ᠠᠭᠤᠯᠵᠤ ᠪᠠᠢᠢᠯᠠ᠃ | ᠪᠤᠯ 5 ᠰᠠᠷᠠ ᠵᠢᠨ 1 ᠡᠳᠦᠷ ᠶᠠᠪᠤᠭᠳᠠᠭᠰᠠᠨ ᠤᠯᠠᠭᠠᠨᠬᠤᠳᠠ ᠵᠢᠨ ᠤᠯᠠᠨ ᠲᠦᠮᠡᠨ ︽5.1︾ | ᠬᠦᠳᠡᠯᠮᠦᠷᠢᠴᠢᠳ ᠪᠡᠯᠭᠡᠯᠡᠬᠦ ᠦᠪᠡᠷᠳᠡᠭᠡᠨ ᠵᠠᠰᠠᠬᠤ ᠤᠷᠤᠨ ᠪᠠᠢᠢᠭᠤᠯᠤᠭᠳᠠᠭᠰᠠᠨ | 70 ᠵᠢᠯ ᠤᠢ ᠵᠢ ᠪᠡᠯᠭᠡᠯᠡᠬᠦ ᠤᠷᠠᠨ ᠰᠠᠢᠢᠬᠠᠨ ᠲᠤᠭᠯᠠᠯᠳᠠ ᠵᠢᠨ ᠃ | |