ᠰᠢᠨᠬᠤᠸᠠ ᠬᠤᠷᠢᠶᠠᠨ ᠵᠢᠨ 5 ᠰᠠᠷᠠ ᠵᠢᠨ 11 ᠴᠠᠬᠢᠯᠭᠠᠨ ᠮᠡᠳᠡᠭᠡ 5 ᠰᠠᠷᠠ ᠵᠢᠨ 11 | ᠡᠳᠦᠷ᠂ 2017 ᠳᠤᠮᠳᠠᠳᠤ ᠵᠢᠨ ᠤᠯᠠᠨ ᠤᠯᠤᠰ ᠦᠢᠯᠡᠰ ᠪᠤᠰᠬᠠᠯᠲᠠ ᠵᠢ | ᠨᠡᠪᠴᠢᠭᠦᠯᠬᠦ ᠲᠦᠷᠦᠭᠦᠴᠤᠳ ᠬᠤᠷᠠᠯ ᠮᠤᠵᠢ ᠵᠢᠨ ᠬᠤᠲᠠ ᠳᠦ ᠬᠤᠷᠠᠯᠳᠤᠪᠠ᠃ ᠲᠦᠷᠦ ᠵᠢᠨ | ᠶᠠᠪᠤᠳᠠᠯ ᠬᠤᠷᠢᠶ᠍᠋ᠠᠨ ᠶᠡᠷᠤᠩᠬᠡᠢ ᠰᠠᠢᠢᠳ ᠯᠢ ᠺᠸ ᠲᠦᠷᠦᠭᠦᠴᠦᠳ ᠬᠤᠷᠠᠯ ᠳᠦ ᠵᠠᠬᠢᠳᠠᠯ | ᠢᠯᠡᠬᠡᠪᠡ᠃ | ᠯᠢ ᠺᠸ ᠵᠠᠬᠢᠳᠠᠯ ᠳ᠋ᠠᠭᠠᠨ᠂ ᠦᠢᠯᠡᠰ ᠪᠤᠰᠬᠠᠯᠲᠠ ᠵᠢ ᠨᠡᠪᠴᠢᠭᠦᠯᠬᠦ ᠪᠤᠯ ᠰᠢᠨᠵᠢᠯᠡᠬᠦ ᠤᠬᠠᠭᠠᠨ | ᠮᠡᠷᠭᠡᠵᠢᠯ ᠮᠠᠶ᠋ᠢᠭ ᠳᠤᠮᠳᠠ ᠪᠠᠭᠠ ᠠᠵᠤ ᠠᠬᠤᠢᠢᠯᠠᠯ ᠪᠤᠢᠢᠵᠢᠭᠤᠯᠬᠤ᠂ ᠰᠢᠨᠵᠢᠯᠡᠬᠦ ᠤᠬᠠᠭᠠᠨ ᠮᠡᠷᠭᠡᠵᠢᠯ | ᠦᠷᠠ ᠪᠦᠲᠦᠭᠡᠯ ᠤᠨᠳᠤᠰᠢᠭᠤᠯᠬᠤ ᠵᠢ ᠲᠦᠷᠭᠡᠳᠭᠡᠬᠦ᠂ ᠬᠠᠮᠵᠢᠯᠴᠠᠨ ᠰᠢᠨᠠ ᠵᠢ ᠡᠭᠦᠳᠬᠦ ᠵᠢ ᠠᠬᠢᠭᠤᠯᠬᠤ ᠴᠢᠬᠤᠯᠠ ᠠᠷᠭᠠ | ᠪᠠᠷᠢᠯ ᠪᠤᠯᠤᠨᠠ᠃ ᠭᠤᠴᠢᠨ ᠵᠢᠯ ᠲᠤᠷᠰᠢ᠂ ᠳᠤᠮᠳᠠᠳᠤ ᠤᠯᠤᠰ ᠦᠢᠯᠡᠰ ᠪᠤᠰᠬᠠᠯᠲᠠ ᠵᠢ ᠨᠡᠪᠴᠢᠭᠦᠯᠬᠦ ᠠᠵᠢᠯ | ᠦᠭᠡᠢ ᠪᠠᠢᠢᠭᠰᠠᠨ ᠡᠴᠡ ᠪᠠᠨ ᠪᠠᠢᠢᠬᠤ ᠪᠤᠯᠵᠤ᠂ ᠪᠠᠭᠠ ᠪᠠᠢᠢᠭᠰᠠᠨ ᠡᠴᠡ ᠪᠠᠨ ᠲᠤᠮᠤ ᠪᠤᠯᠵᠤ᠂ 40 ᠭᠠᠷᠤᠢ ᠲᠦᠮᠡᠨ ᠰᠢᠨᠠ | ᠪᠡᠷ ᠪᠠᠢᠢᠭᠤᠯᠤᠭᠰᠠᠨ ᠠᠵᠤ ᠠᠬᠤᠢᠢᠯᠠᠯ ᠲᠠᠳᠠᠨ ᠠᠪᠴᠢᠷᠠᠬᠤ ᠵᠢᠨ ᠬᠠᠮᠲᠦ ᠦᠢᠯᠡᠴᠢᠯᠡᠭᠡ ᠬᠠᠩᠭᠠᠵᠤ᠂ 200 ᠭᠠᠷᠤᠢ | ᠲᠦᠮᠡᠨ ᠬᠦᠮᠦᠨ ᠠᠵᠢᠯ ᠤᠯᠬᠤ ᠵᠢ ᠳᠠᠢᠢᠴᠢᠯᠠᠨ᠂ ᠰᠢᠨᠠ ᠵᠢ ᠡᠭᠦᠳᠬᠦ᠂ ᠦᠢᠯᠡᠰ ᠪᠤᠰᠬᠠᠬᠤ᠂ ᠠᠵᠢᠯ ᠤᠯᠬᠤ ᠵᠢ | ᠤᠷᠭᠠᠨᠢᠭ ᠵᠢᠡᠷ ᠪᠤᠯᠤᠨ ᠡᠷᠡᠭᠦᠯ ᠵᠢᠡᠷ ᠡᠷᠭᠢᠯᠲᠡᠭᠦᠯᠬᠦ ᠵᠢ ᠪᠡᠶ᠍᠋ᠡᠯᠡᠭᠦᠯᠵᠤ᠂ ᠠᠵᠤ ᠠᠬᠤᠢ ᠨᠡᠢᠢᠭᠡᠮ | ᠬᠦᠭᠵᠢᠯᠲᠠ ᠵᠢ ᠠᠬᠢᠭᠤᠯᠬᠤ ᠳᠦ ᠭᠡᠵᠤ ᠢᠯᠡᠳᠭᠡᠪᠡ᠃ | ᠯᠢ ᠺᠸ ᠂ ᠤᠳᠤᠬᠠᠨ ᠳᠦ ᠳᠤᠮᠳᠠᠳᠤ ᠤᠯᠤᠰ ᠠᠵᠤ ᠠᠬᠤᠢ ᠵᠢᠨ ᠬᠦᠭᠵᠢᠯᠲᠠ ᠶᠠᠭ ᠰᠢᠨᠠ ᠬᠠᠭᠤᠴᠢᠨ | ᠬᠦᠳᠡᠯᠭᠡᠬᠦ ᠬᠦᠴᠦᠨ ᠰᠤᠯᠢᠭᠳᠠᠬᠤ ᠪᠤᠯᠤᠨ ᠠᠵᠤ ᠠᠬᠤᠢ ᠵᠢᠨ ᠪᠦᠲᠦᠴᠡ ᠵᠢ ᠲᠡᠰ ᠳᠡᠪᠰᠢᠬᠦᠯᠬᠦ ᠵᠠᠩᠭᠢᠯᠠᠭᠠ ᠵᠢᠨ | ᠬᠤᠭᠤᠴᠠᠭᠠᠨ ᠳᠦ ᠤᠷᠤᠰᠢᠵᠤ ᠪᠠᠢᠢᠨᠠ ᠃ ᠪᠢᠳᠡ ᠰᠢᠨᠠ ᠬᠦᠭᠵᠢᠯᠲᠠ ᠵᠢᠨ ᠤᠢᠢᠯᠠᠭᠠᠭᠳᠠᠬᠤᠨ ᠲᠤᠤᠱᠯᠠᠭᠤᠯᠤᠨ | ᠨᠠᠢᠢᠳᠠᠪᠤᠷᠢᠵᠢᠭᠤᠯᠵᠤ᠂ ᠰᠢᠨᠠ ᠵᠢ ᠡᠭᠦᠳᠬᠦ ᠪᠡᠷ ᠬᠦᠳᠡᠯᠭᠡᠭᠦᠷ ᠪᠤᠯᠭᠠᠬᠤ ᠬᠦᠭᠵᠢᠯᠲᠠ ᠵᠢᠨ ᠪᠠᠢᠢᠯᠳᠤᠬᠤ ᠪᠤᠳᠤᠯᠭᠠ ᠵᠢ | ᠭᠦᠨᠵᠡᠭᠡᠢ ᠬᠡᠷᠡᠭᠵᠢᠭᠦᠯᠦᠨ᠂ ᠦᠢᠯᠡᠰ ᠪᠤᠰᠬᠠᠯᠲᠠ ᠵᠢ ᠨᠡᠪᠴᠢᠭᠦᠯᠬᠦ ᠨᠡᠩ ᠰᠠᠢᠢᠨ ᠤᠷᠴᠢᠨ ᠪᠤᠢ ᠪᠤᠯᠭᠠᠵᠤ᠂ ᠤᠯᠠᠨ ᠵᠢᠡᠷ | ᠵᠢᠡᠨ ᠦᠢᠯᠡᠰ ᠪᠤᠰᠬᠠᠵᠤ ᠨᠡᠢᠢᠲᠡ ᠪᠡᠷ ᠵᠢᠡᠨ ᠰᠢᠨᠠ ᠵᠢ ᠡᠭᠦᠳᠬᠦ ᠵᠢ ᠭᠦᠨᠵᠡᠭᠡᠢ ᠠᠬᠢᠭᠤᠯᠵᠤ᠂ ᠲᠤᠮᠤ ᠳᠤᠮᠳᠠ ᠵᠢᠵᠢᠭ ᠠᠵᠤ | ᠠᠬᠤᠢᠢᠯᠠᠯ ᠬᠦᠷᠢᠶᠠ ᠠᠯᠤᠰᠯᠠᠨ ᠠᠭᠤᠰᠤᠯᠴᠠᠨ ᠬᠦᠭᠵᠢᠬᠦ᠂ ᠡᠬᠢ ᠪᠠ ᠠᠰᠢᠭ ᠤᠷᠤᠯᠭᠠ ᠵᠢ ᠬᠠᠮᠲᠦᠪᠡᠷ ᠡᠳ᠋ᠯᠡᠬᠦ | ᠰᠢᠨᠠ ᠮᠠᠶ᠋ᠢᠭ ᠠᠵᠤ ᠦᠢᠯᠡᠰ ᠠᠮᠢ ᠠᠬᠤᠢ ᠵᠢ ᠪᠠᠢᠢᠭᠤᠯᠵᠤ᠂ ᠬᠦᠳᠡᠯᠭᠡᠬᠦ ᠬᠦᠴᠦᠨ ᠨᠢ ᠨᠡᠩ ᠶᠡᠬᠡ ᠠᠵᠤ ᠠᠬᠤᠢ | ᠵᠢᠨ ᠬᠦᠭᠵᠢᠯᠲᠠ ᠵᠢᠨ ᠰᠢᠨᠠ ᠬᠦᠳᠡᠯᠭᠡᠭᠦᠷ ᠴᠤᠭᠴᠠᠯᠠᠵᠤ ᠪᠠᠢᠢᠨᠠ᠃ ᠳᠤᠮᠳᠠᠳᠤ ᠤᠯᠤᠰ ᠳᠤᠷᠠᠳᠠᠶᠠ ᠳᠡᠯᠡᠬᠡᠢ ᠵᠢᠨ ᠡᠯᠠ | ᠤᠯᠤᠰ ᠯᠤᠭᠠ ᠵᠢᠨ ᠬᠠᠮᠲᠤᠷᠠᠯᠴᠠᠭᠠ ᠪᠠᠨ ᠤᠯᠠᠮ ᠴᠢᠨᠠᠭᠰᠢᠳᠠ ᠴᠢᠩᠭᠠᠳᠬᠠᠵᠤ᠂ ᠰᠢᠨᠠ ᠵᠢ ᠡᠭᠦᠳᠬᠦ ᠬᠠᠮᠲᠤᠷᠠᠯ ᠬᠦᠴᠦᠨ | ᠪᠦᠷᠢᠯᠳᠦᠭᠦᠯᠦᠨ᠂ ᠪᠦᠬᠦ ᠪᠦᠮᠪᠦᠷᠴᠡᠭ ᠠᠵᠤ ᠠᠬᠤᠢ ᠳᠦ ᠰᠢᠨᠠ ᠬᠦᠳᠡᠯᠭᠡᠬᠦ ᠬᠦᠴᠦᠨ ᠨᠡᠮᠡᠷᠢᠯᠡᠨᠠ ᠭᠡᠵᠤ ᠵᠢᠭᠠᠵᠤ | ᠭᠠᠷᠭᠠᠪᠠ᠃ | |