ᠤᠯᠤᠰ ᠤᠨ ᠲᠡᠷᠢᠬᠦᠯᠡᠭᠴᠢ ᠰᠢ ᠶᠢᠨ ᠫᠢᠩ 14 ᠤ ᠡᠳᠤᠷ ᠠᠷᠠᠳ ᠤᠨ ᠶᠡᠭᠡ ᠬᠤᠷᠠᠯ ᠤᠨ ᠲᠠᠩᠬᠢᠮ ᠳᠤ ᠲᠠᠶᠢᠯᠠᠯᠭᠠ | ᠬᠢᠵᠤ᠂ ᠤᠯᠤᠰ ᠤᠨ ᠵᠦᠴᠦᠭᠡ ᠶᠢᠨ ᠬᠦᠷᠢᠶᠡᠯᠡᠩ ᠳᠤ ᠤᠷᠠᠨ ᠰᠠᠶᠢᠬᠠᠨ ᠤ ᠲᠤᠭᠯᠠᠯᠳᠠ ᠰᠤᠨᠢᠷᠬᠠᠭᠤᠯᠵᠤ᠂ ︽ᠨᠢᠬᠡ ᠪᠦᠰᠡ | ᠨᠢᠬᠡ ᠵᠠᠮ︾ ᠤᠨ ᠤᠯᠠᠨ ᠤᠯᠤᠰ ᠤᠨ ᠬᠠᠮᠳᠤᠷᠠᠯᠴᠠᠭᠠᠨ ᠤ ᠲᠦᠷᠦᠬᠦᠴᠤᠳ ᠤᠨ ᠶᠠᠷᠢᠶᠠᠨ ᠤ ᠲᠠᠪᠴᠠᠩ ᠳᠤ ᠤᠷᠤᠯᠴᠠᠭᠰᠠᠠ | ᠭᠠᠳᠠᠭᠠᠳᠤ ᠶᠢᠨ ᠲᠦᠯᠥᠬᠡᠯᠡᠭᠴᠢᠳ ᠤᠨ ᠪᠦᠯᠬᠦᠮ ᠤᠨ ᠲᠠᠷᠤᠭᠠ ᠵᠢᠴᠢ ᠬᠦᠨᠳᠤᠳᠤ ᠵᠤᠴᠢᠳ ᠢ ᠤᠬᠳᠤᠪᠠ᠃ ᠲᠦᠷᠦ ᠶᠢᠨ | ᠶᠠᠪᠤᠳᠠᠯ ᠤᠨ ᠬᠤᠷᠢᠶᠠᠨ ᠤ ᠳᠡᠳ᠋ ᠶᠡᠷᠦᠩᠬᠡᠢ ᠰᠠᠶᠢᠳ ᠵᠠᠩ ᠭᠤᠤ ᠯᠢ ᠤᠷᠤᠯᠴᠠᠪᠠ᠃ | ᠵᠤᠨ ᠤ ᠡᠬᠢᠨ ᠤ ᠪᠡᠭᠡᠵᠢᠩ ᠡᠪᠡᠰᠤ ᠮᠤᠳᠤ ᠨᠤᠭᠤᠭᠠᠷᠠᠵᠥ᠂ ᠠᠮᠢᠵᠢᠷᠠᠯ ᠤᠨ ᠬᠦᠴᠦᠨ ᠢᠶᠠᠷ ᠪᠢᠯᠬᠠᠨᠠ᠃ ᠴᠠᠩ ᠠᠨ | ᠵᠡᠭᠡᠯᠢ ᠶᠢᠨ ᠬᠤᠶᠠᠷ ᠲᠠᠯᠠ ᠪᠠᠷ ᠤᠯᠠᠭᠠᠨ ᠳ᠋ᠧᠩᠯᠤ ᠦᠨᠳᠦᠷ ᠡᠯᠭᠦᠭᠳᠡᠵᠦ᠂ ᠦᠨᠳᠦᠷ ᠤᠭᠲᠠᠷᠭᠤᠢ ᠳᠤ ᠤᠳᠤᠨ ᠮᠡᠴᠢᠳ | ᠬᠢᠯᠠᠯᠵᠠᠨᠠ︔ ᠲᠢᠶᠠᠨ ᠠᠨ ᠮᠧᠨ ᠠᠭᠤᠳᠠᠮ ᠲᠠᠯᠠᠪᠠᠢ ᠳᠤ᠂ ᠤᠯᠨᠭᠠᠨ ᠲᠤᠬ ᠨᠠᠮᠢᠷᠠᠨ᠂ ᠬᠡᠰᠡᠭ ᠬᠡᠰᠡᠭ ᠦᠯᠵᠡᠶᠢᠲᠤ ᠡᠭᠦᠯᠡ᠂ | ᠴᠢᠨᠳᠠᠮᠤᠨᠢ ᠤᠭᠠᠯᠵᠠ ᠰᠡᠶᠢᠯᠦᠭᠰᠡᠨ ᠴᠡᠴᠡᠭ ᠤᠨ ᠮᠠᠨᠳᠠᠯ ᠦᠩᠭᠡ ᠢᠯᠭᠠᠷᠠᠨ ᠰᠤᠯᠤᠩᠭᠠᠷᠠᠨᠠ᠃ ᠡᠷᠲᠡᠨ ᠤ ᠨᠡᠶᠢᠰᠯᠡᠯ ᠪᠡᠭᠡᠵᠢᠩ | ᠲᠡᠤᠬᠡ ᠪᠠ ᠢᠷᠡᠭᠡᠳᠦᠢ ᠠᠭᠤᠰᠤᠯᠴᠠᠬᠰᠠᠨ ᠦᠪᠡᠳᠡᠭᠰᠢ ᠶᠡᠭᠡ ᠨᠠᠶᠢᠷ ᠢ ᠤᠬᠲᠤᠬᠰᠠᠨ ᠪᠠᠶᠢᠨᠠ᠃ | ᠤᠷᠤᠢ ᠶᠢᠨ 6 ᠴᠠᠭ ᠤᠨ ᠦᠶᠠ ᠪᠠᠷ᠂ ᠲᠦᠷᠦᠭᠦᠴᠤᠳ ᠤᠨ ᠶᠠᠷᠢᠶᠠᠨ ᠤ ᠲᠠᠪᠴᠠᠩ ᠤᠨ ᠤᠳᠤᠷᠢᠳᠬᠤ ᠬᠦᠮᠦᠰ ᠤᠨ | ᠳᠤᠭᠤᠷᠢᠭ ᠰᠢᠷᠡᠭᠡᠨ ᠤ ᠲᠦᠷᠦᠭᠦᠴᠤᠳ ᠤᠨ ᠬᠤᠷᠠᠯ᠂ ᠳᠡᠭᠡᠳᠦ ᠳᠡᠰ ᠤᠨ ᠬᠤᠷᠠᠯ ᠳᠤ ᠤᠷᠤᠯᠴᠠᠬᠰᠠᠠ ᠵᠤᠴᠢᠨ ᠤᠯᠤᠰ ᠤᠨ | ᠤᠯᠤᠰ ᠲᠦᠷᠦ ᠶᠢᠨ ᠴᠢᠬᠤᠯᠠ ᠬᠦᠮᠦᠰ ᠪᠤᠯᠤᠨ ᠤᠯᠠᠨ ᠤᠯᠤᠰ ᠤᠨ ᠵᠤᠬᠢᠶᠠᠨ ᠪᠠᠶᠢᠭᠤᠯᠤᠯᠲᠠ ᠶᠢᠨ ᠬᠠᠷᠢᠭᠤᠴᠠᠯᠭᠠᠲᠠᠨ ᠵᠢᠴᠢ | ᠬᠠᠨᠢ ᠨᠦᠬᠦᠷ ᠤᠳ ᠨᠢ ᠵᠠᠯᠭᠠᠪᠡᠷ ᠠᠷᠠᠳ ᠤᠨ ᠶᠡᠭᠡ ᠬᠤᠷᠠᠯ ᠤᠨ ᠲᠠᠩᠭᠢᠮ ᠳᠤ ᠬᠦᠷᠦᠯᠴᠡᠨ ᠢᠷᠡᠵᠠᠢ᠃ ᠰᠢ ᠶᠢᠨ ᠫᠢᠩ ᠬᠠᠳᠤᠨ | ᠫᠧᠩ ᠯᠢ ᠶᠤᠸᠠᠨ ᠲᠠᠢ ᠪᠠᠨ ᠠᠷᠠᠳ ᠤᠨ ᠶᠡᠭᠡ ᠬᠤᠷᠠᠯ ᠤᠨ ᠲᠠᠩᠭᠢᠮ ᠤᠨ ᠬᠤᠶᠠᠳᠤᠭᠠᠷ ᠳᠠᠪᠬᠤᠷᠯᠢᠭ ᠤᠨ ᠵᠤᠴᠢᠨ ᠤᠭᠳᠤᠬᠤ | ᠲᠠᠩᠬᠢᠮ ᠳᠤ ᠵᠤᠴᠢᠳ ᠢ ᠤᠭᠳᠤᠵᠤ᠂ ᠵᠤᠴᠢᠳ ᠲᠠᠢ ᠨᠢᠭᠡᠳ ᠨᠢᠭᠡ ᠪᠠᠷ ᠭᠠᠷ ᠠᠳᠬᠤᠵᠤ᠂ ᠬᠠᠷᠢᠯᠴᠠᠨ ᠮᠡᠨᠳᠦᠴᠢᠯᠡᠨᠠ᠃ | ︽ᠠᠭᠤᠯᠠ ᠤᠰᠤ ᠡᠶᠢᠮᠦ ᠯᠡ ᠦᠵᠡᠰᠭᠦᠯᠡᠩ ᠰᠠᠶᠢᠬᠠᠨ︾ ᠭᠡᠬᠦ ᠲᠤᠮᠤ ᠬᠡᠯᠪᠡᠷᠢ ᠶᠢᠨ ᠬᠠᠨᠠ ᠶᠢᠨ ᠵᠢᠷᠤᠭ ᠤᠨ ᠡᠮᠦᠨᠠ᠂ | ᠰᠢ ᠶᠢᠨ ᠫᠢᠩ ᠪᠤᠯᠤᠨ ᠫᠧᠩ ᠯᠢ ᠶᠤᠸᠠᠨ ᠭᠠᠳᠠᠭᠠᠳᠦ ᠶᠢᠨ ᠲᠦᠯᠦᠭᠡᠯᠡᠭᠴᠢᠳ ᠤᠨ ᠪᠦᠯᠬᠦᠮ ᠤᠨ ᠳᠠᠷᠤᠭᠠ ᠵᠢᠴᠢ ᠬᠠᠨᠢ | ᠨᠦᠬᠦᠷ ᠲᠠᠢ ᠨᠢ ᠬᠠᠮᠲᠦ ᠶᠢᠨ ᠰᠡᠭᠦᠳᠡᠷ ᠳᠠᠳᠠᠭᠤᠯᠵᠤ ᠳᠤᠷᠠᠰᠬᠠᠯ ᠦᠯᠡᠳᠡᠭᠡᠪᠡ᠃ | ᠠᠷᠠᠳ ᠤᠨ ᠶᠡᠭᠡ ᠬᠤᠷᠠᠯ ᠤᠨ ᠲᠠᠩᠭᠢᠮ ᠤᠨ ᠳᠠᠶᠢᠯᠠᠯᠭᠠ ᠶᠢᠨ ᠲᠠᠩᠭᠢᠮ ᠳᠤ᠂ ᠳᠠᠭᠤᠤ ᠬᠦᠭᠵᠢᠮ ᠬᠠᠩᠭᠢᠨᠠᠨ᠂ | ᠬᠤᠸᠠᠷ ᠴᠡᠴᠡᠭ ᠮᠢᠷᠠᠯᠵᠠᠨᠠ᠃ ᠢᠷᠠᠭᠤ ᠰᠠᠶᠢᠬᠠᠨ ᠵᠤᠴᠢᠨ ᠤᠭᠲᠤᠬᠤ ᠠᠶᠠ ᠶᠢᠨ ᠳᠤᠮᠳᠠ᠂ ᠰᠢ ᠶᠢᠨ ᠫᠢᠩ ᠪᠤᠯᠤᠨ ᠫᠧᠩ ᠯᠢ | ᠶᠤᠸᠠᠨ ᠬᠦᠨᠳᠦᠳᠦ ᠵᠤᠴᠢᠳ ᠲᠠᠢ ᠬᠠᠮᠲᠦ ᠳᠠᠶᠢᠯᠠᠯᠭᠠ ᠶᠢᠨ ᠲᠠᠩᠭᠢᠮ ᠳᠤ ᠤᠷᠤᠵᠠᠢ᠃ | ᠰᠢ ᠶᠢᠨ ᠫᠢᠩ ᠶᠠᠷᠢᠶᠠ ᠲᠠᠯᠪᠢᠵᠤ᠂ ᠳᠤᠮᠳᠠᠳᠤ ᠤᠯᠤᠰ ᠤᠨ ᠵᠠᠰᠠᠬ ᠤᠨ ᠤᠷᠳᠤᠨ ᠪᠤᠯᠤᠨ ᠠᠷᠠᠳ ᠲᠦᠮᠡᠨ ᠢ | ᠲᠦᠯᠤᠬᠡᠯᠠᠨ ᠬᠦᠨᠳᠤᠳᠤ ᠵᠤᠴᠢᠳ ᠢ ᠬᠠᠯᠠᠭᠤᠨ ᠢᠶᠠᠷ ᠤᠬᠳᠤᠪᠠ᠃ ᠰᠢ ᠶᠢᠨ ᠫᠢᠩ ᠵᠢᠭᠠᠵᠤ ᠭᠠᠷᠭᠠᠬᠰᠡᠨ ᠨᠢ᠂ ᠪᠡᠬᠡᠵᠢᠩ ᠪᠤᠯ | ᠮᠢᠩᠭᠠᠨ ᠵᠢᠯ ᠤᠨ ᠲᠡᠤᠬᠡ ᠲᠠᠢ ᠡᠷᠳᠡᠨ ᠤ ᠨᠡᠶᠢᠰᠯᠠᠯ ᠪᠤᠯᠤᠨᠠ᠂ ᠤᠷᠳᠤ ᠤᠳᠠᠭᠠᠨ ᠲᠡᠤᠭᠡ ᠶᠢᠨ ᠬᠤᠪᠢᠷᠠᠯᠲᠠ ᠬᠦᠭᠵᠢᠯᠲᠡ ᠶᠢ | ᠭᠡᠷᠡᠴᠢᠯᠡᠵᠤ ᠪᠠᠶᠢᠨᠠ᠃ ᠪᠡᠬᠡᠵᠢᠩ ᠪᠤᠯ ᠮᠦᠨᠴᠤ ᠤᠳᠤ ᠦᠶᠠ ᠶᠢᠨ ᠰᠢᠨᠠ ᠬᠤᠳᠠ ᠪᠤᠯᠤᠨᠠ᠂ ᠳᠤᠮᠳᠠᠳᠤ ᠤᠯᠤᠰ ᠤᠨ | ᠬᠦᠭᠵᠢᠯᠳᠠ ᠶᠢ ᠲᠠᠭᠠᠨ ᠲᠠᠰᠤᠷᠠᠯᠳᠠ ᠦᠬᠡᠢ ᠰᠢᠨᠠ ᠲᠦᠷᠢ ᠲᠦᠷᠬᠦ ᠪᠠᠨ ᠭᠠᠶᠢᠬᠠᠭᠤᠯᠵᠤ ᠪᠤᠢ᠃ ᠪᠡᠬᠡᠵᠢᠩ ᠪᠤᠯ ᠨᠡᠩ ᠴᠤ | ᠲᠡᠯᠡᠬᠡᠶᠢᠵᠢᠭᠰᠡᠨ ᠶᠡᠭᠡ ᠬᠤᠳᠠ ᠪᠤᠯᠤᠨᠠ᠂ ᠲᠤᠷᠤᠨᠠᠳᠠᠬᠢᠨ ᠦᠷᠤᠨᠡᠳᠠᠬᠢᠨ ᠤ ᠠᠳᠠᠯᠢ ᠪᠤᠰᠤ ᠪᠤᠯᠪᠠᠰᠤᠨ ᠴᠠᠬ ᠢᠮᠠᠬᠳᠠ ᠠᠳᠡ | ᠠᠭᠤᠯᠵᠠᠨ ᠠᠭᠤᠰᠤᠯᠴᠠᠵᠤ ᠪᠠᠶᠢᠨᠠ᠃ ᠪᠡᠬᠡᠵᠢᠩ ᠲᠡᠤᠬᠡᠨ ᠲᠡᠭᠡᠷᠡᠬᠢ ᠪᠠᠭᠠ ᠬᠤᠳᠠ ᠠᠴᠠ ᠦᠨᠤᠳᠤᠷ ᠤᠨ ᠲᠡᠯᠡᠬᠡᠶᠢᠵᠢᠭᠰᠡᠨ | ᠶᠡᠭᠡ ᠬᠤᠳᠠ ᠪᠤᠯᠵᠤ᠂ ᠬᠦᠮᠤᠨ ᠲᠦᠷᠤᠯᠬᠢᠳᠠᠨ ᠬᠠᠮᠳᠤ ᠶᠢᠨ ᠬᠡᠷ ᠤᠷᠤᠨ ᠳᠤ ᠤᠷᠤᠰᠢᠨ ᠠᠮᠢᠳᠤᠷᠠᠵᠤ᠂ ᠬᠠᠮᠳᠤ ᠶᠢᠨ ᠬᠤᠪᠢ | ᠵᠠᠶᠠᠭᠠ ᠲᠠᠢ ᠪᠠᠶᠢᠵᠤ᠂ ᠬᠦᠮᠤᠨ ᠲᠦᠷᠤᠯᠬᠢᠳᠠᠨ ᠤ ᠲᠡᠤᠬᠡ ᠢᠮᠠᠬᠳᠠ ᠠᠳᠠᠯᠢ ᠪᠤᠰᠤ ᠦᠨᠳᠤᠰᠤᠳᠠᠨ᠂ ᠠᠳᠠᠯᠢ ᠪᠤᠰᠤ | ᠰᠤᠶᠤᠯ ᠤᠨ ᠤᠴᠠᠷᠠᠯ ᠤᠢᠢᠯᠠᠭᠠᠯᠴᠠᠭᠠ ᠶᠢᠨ ᠶᠠᠪᠤᠴᠠ ᠳᠤ ᠤᠷᠤᠬᠰᠢ ᠬᠦᠭᠵᠢᠵᠤ ᠪᠠᠶᠢᠬᠤ ᠦᠨᠡᠨ ᠶᠤᠰᠤ ᠶᠢ ᠪᠢᠳᠠᠨ ᠳᠤ | ᠬᠡᠯᠡᠵᠤ ᠦᠭᠪᠠ ᠬᠡᠪᠠ᠃ | ᠰᠢ ᠶᠢᠨ ᠫᠢᠩ ᠴᠢᠬᠤᠯᠠᠴᠢᠯᠠᠬᠰᠡᠨ ᠨᠢ᠂ 2000 ᠭᠠᠷᠤᠢ ᠵᠢᠯ ᠤᠨ ᠡᠮᠦᠨᠠ᠂ ᠮᠠᠨ ᠤ ᠲᠡᠭᠡᠳᠦᠰ ᠨᠦᠬᠦᠷᠰᠡᠭ ᠢᠶᠠᠷ | ᠶᠠᠪᠤᠯᠴᠠᠬᠤ ᠪᠤᠷᠤᠭᠵᠢᠭᠤᠨ ᠬᠦᠰᠡᠯᠡᠩ ᠢ ᠡᠪᠤᠷᠯᠠᠵᠦ᠂ ᠡᠷᠳᠡᠨ ᠤ ᠲᠤᠷᠭᠠᠨ ᠵᠠᠮ ᠢ ᠨᠡᠭᠡᠭᠡᠭᠰᠡᠨ ᠶᠤᠮ᠃ ᠦᠨᠦᠳᠦᠷ᠂ ᠪᠢᠳᠡ | ᠡᠷᠳᠡᠨ ᠤ ᠲᠤᠷᠭᠠᠨ ᠵᠠᠮ ᠤᠨ ᠵᠤᠷᠢᠭ ᠰᠠᠨᠠᠭᠠ ᠶᠢ ᠵᠠᠯᠭᠠᠮᠵᠢᠯᠠᠵᠦ᠂ ︽ᠨᠢᠭᠡ ᠪᠦᠰᠡ ᠨᠢᠭᠡ ᠵᠠᠮ︾ ᠤᠨ ᠪᠦᠳᠦᠭᠡᠨ | ᠪᠠᠶᠢᠭᠤᠯᠤᠯᠳᠠ ᠶᠢ ᠬᠠᠮᠳᠤ ᠪᠠᠷ ᠵᠦᠪᠳᠡᠵᠦ ᠪᠠᠶᠢᠬᠤ ᠨᠢ ᠲᠡᠦᠭᠡ ᠶᠢᠨ ᠤᠷᠤᠰᠬᠠᠯ ᠢ ᠳᠠᠭᠠᠵᠦ ᠪᠠᠶᠢᠬᠤ ᠮᠦᠷᠳᠡᠭᠡᠨ ᠪᠠᠰᠠᠴᠦ | ᠢᠷᠡᠭᠡᠳᠦᠢ ᠳᠤ ᠬᠠᠨᠳᠤᠭᠰᠠᠨ ᠵᠦᠪ ᠰᠤᠩᠭᠤᠯᠳᠠ ᠮᠦᠨ᠃ ︽ᠨᠢᠭᠡ ᠪᠦᠰᠡ ᠨᠢᠭᠡ ᠵᠠᠮ︾ ᠤᠨ ᠪᠦᠳᠦᠭᠡᠨ ᠪᠠᠶᠢᠭᠤᠯᠤᠯᠳᠠ ᠨᠢ | ᠮᠠᠨ ᠤ ᠪᠤᠯᠪᠠᠰᠤᠨ ᠤ ᠰᠤᠯᠢᠯᠴᠠᠭᠠ ᠶᠢᠨ ᠲᠤᠬᠠᠢ ᠬᠦᠰᠡᠯ ᠢ ᠠᠴᠢᠶᠠᠯᠠᠵᠦ᠂ ᠬᠦᠮᠦᠨ ᠲᠦᠷᠦᠯᠬᠢᠳᠡᠨ ᠤ ᠪᠤᠯᠪᠠᠰᠤᠨ ᠢ ᠨᠡᠩ | ᠭᠤᠶᠢᠳᠠ ᠰᠠᠶᠢᠬᠠᠨ ᠪᠤᠯᠭᠠᠬᠤ ᠶᠤᠮ︔ ᠮᠠᠨ ᠤ ᠡᠩᠭᠡ ᠲᠠᠶᠢᠪᠤᠩ ᠠᠮᠤᠷ ᠲᠤᠭᠳᠠᠭᠤᠨ ᠤ ᠲᠤᠬᠠᠢ ᠬᠦᠰᠡᠯᠡᠩ ᠢ ᠠᠴᠢᠶᠠᠯᠠᠵᠦ᠂ | ᠡᠯᠠ ᠤᠯᠤᠰ ᠢ ᠡᠶᠡ ᠵᠤᠬᠢᠴᠠᠩᠭᠤᠢ ᠭᠡᠷ ᠤᠷᠤᠨ ᠢ ᠬᠠᠮᠳᠤ ᠪᠠᠷ ᠴᠤᠭᠴᠠᠯᠠᠭᠤᠯᠵᠦ᠂ ᠡᠩᠭᠡ ᠲᠠᠶᠢᠪᠤᠩ ᠳᠡᠯᠡᠭᠡᠢ ᠶᠢ | ᠴᠤᠬᠴᠠᠯᠠᠭᠤᠯᠬᠤ ᠶᠤᠮ︔ ᠮᠠᠨ ᠤ ᠬᠠᠮᠳᠤ ᠪᠠᠷ ᠬᠦᠭᠵᠢᠬᠦ ᠬᠦᠭᠡᠭᠡᠴᠡᠯᠳᠦᠯ ᠢ ᠠᠴᠢᠶᠠᠯᠠᠵᠦ᠂ ᠡᠯᠠ ᠤᠯᠤᠰ ᠢ ᠬᠠᠪᠰᠤᠷᠤᠨ | ᠵᠢᠷᠭᠠᠯ ᠵᠤᠪᠠᠯᠠᠩ ᠢᠶᠠᠨ ᠬᠠᠮᠳᠤᠳᠬᠠᠵᠦ᠂ ᠬᠤᠪᠢ ᠵᠠᠶᠠᠭᠠ ᠪᠠᠨ ᠬᠤᠯᠪᠤᠭᠰᠠᠨ ᠬᠦᠭᠵᠢᠯᠳᠠ ᠶᠢᠨ ᠬᠠᠮᠳᠦ ᠶᠢᠨ ᠴᠤᠭᠴᠠ ᠶᠢ | ᠪᠠᠶᠢᠭᠤᠯᠬᠤ ᠶᠤᠮ︔ ᠮᠠᠨ ᠤ ᠰᠠᠶᠢᠨ ᠰᠠᠶᠢᠬᠠᠨ ᠠᠮᠢᠳᠤᠷᠠᠯ ᠤᠨ ᠲᠤᠬᠠᠢ ᠮᠦᠷᠦᠭᠡᠳᠦᠯ ᠢ ᠠᠴᠢᠶᠠᠯᠠᠵᠦ᠂ ᠬᠦᠰᠡᠯᠡᠩ ᠢ ᠪᠤᠳᠠᠳᠤ | ᠠᠬᠤᠢ ᠪᠤᠯᠭᠠᠵᠦ᠂ ᠠᠷᠠᠳ ᠲᠦᠮᠡᠨ ᠢ ᠠᠵᠤ ᠲᠦᠷᠦᠬᠦᠯᠦᠨ ᠠᠮᠤᠷ ᠵᠢᠷᠭᠠᠭᠤᠯᠬᠤ ᠶᠤᠮ ᠭᠡᠵᠦ ᠵᠢᠭᠠᠵᠦ ᠭᠠᠷᠭᠠᠵᠠᠢ᠃ ᠰᠢ ᠶᠢᠨ | ᠫᠢᠩ᠂ ᠪᠢᠳᠠ ᠬᠦᠰᠡᠯ ᠵᠡᠬᠦᠳᠦ ᠪᠠᠷ ᠪᠢᠯᠬᠠᠭᠰᠠᠨ ᠵᠠᠮ ᠢᠶᠠᠷ ᠵᠠᠮᠨᠠᠵᠦ ᠪᠤᠢ᠃ ᠭᠠᠭᠴᠠᠬᠦ ᠢᠵᠢᠯ ᠴᠢᠭᠯᠡᠯ ᠢᠶᠠᠷ ᠤᠷᠤᠬᠰᠢᠯᠠᠵᠦ᠂ | ᠰᠡᠳᠬᠢᠯ ᠰᠡᠳᠬᠢᠯ ᠢᠶᠠᠨ ᠬᠤᠯᠪᠤᠨ᠂ ᠤᠬᠤᠷᠢᠬᠤ ᠦᠭᠡᠢ᠂ ᠵᠤᠭᠰᠤᠬᠤ ᠦᠭᠡᠢ ᠶᠤᠮ ᠪᠤᠯ ᠪᠢᠳᠡ ᠡᠴᠦᠰ ᠲᠡᠭᠡᠨ ᠵᠠᠮ ᠪᠦᠷᠢ | ᠬᠠᠷᠢᠯᠴᠠᠨ ᠬᠤᠯᠪᠤᠯᠳᠤᠵᠦ᠂ ᠰᠠᠶᠢᠨ ᠰᠠᠶᠢᠬᠠᠨ ᠢᠶᠠᠨ ᠬᠠᠮᠳᠤ ᠪᠠᠷ ᠡᠳ᠋ᠯᠡᠭᠰᠡᠨ ᠲᠡᠷᠡ ᠡᠳᠦᠷ ᠢ ᠤᠬᠳᠤᠨ ᠠᠪᠴᠢᠷᠠᠵᠦ᠂ ᠮᠠᠨ ᠤ | ᠦᠢᠯᠡᠰ ᠡᠷᠳᠡᠨ ᠤ ᠲᠤᠷᠭᠠᠨ ᠵᠠᠮ ᠰᠢᠭ᠋ ᠤᠷᠳᠤ ᠤᠳᠠᠭᠠᠨ ᠢᠶᠠᠷ ᠤᠯᠠᠮᠵᠢᠯᠠᠭᠳᠠᠵᠦ᠂ ᠦᠶᠠ ᠶᠢᠨ ᠦᠶᠠ ᠳᠤ ᠲᠠᠮᠵᠢᠬᠳᠠᠬᠤ | ᠶᠤᠮ ᠭᠡᠵᠦ ᠴᠢᠬᠤᠯᠠᠴᠢᠯᠠᠵᠠᠢ᠃ | ᠳᠠᠶᠢᠯᠠᠯᠭᠠ ᠶᠢᠨ ᠳᠤᠮᠳᠠ᠂ ᠳᠤᠭᠤᠷᠢᠬ ᠰᠢᠷᠡᠬᠡᠨ ᠤ ᠳᠦᠷᠦᠬᠦᠴᠤᠳ ᠤᠨ ᠬᠤᠷᠠᠯ ᠳᠤ ᠤᠷᠤᠯᠴᠠᠷᠠ ᠢᠷᠡᠭᠰᠡᠨ 30 | ᠤᠯᠤᠰ ᠤᠨ ᠳᠠᠭᠤᠦ ᠬᠦᠭᠵᠢᠮ ᠢ ᠵᠠᠯᠭᠠ ᠵᠠᠯᠭᠠ ᠪᠠᠷ ᠬᠦᠭᠵᠢᠮᠳᠡᠭᠡᠳ᠂ ︽ᠨᠢᠬᠡ ᠪᠦᠰᠡ ᠨᠢᠬᠡ ᠵᠠᠮ︾ ᠳᠠᠭᠠᠤ ᠶᠢᠨ ᠠᠳᠠᠯᠢ | ᠪᠤᠰᠤ ᠤᠷᠤᠨ ᠪᠦᠰᠡ ᠶᠢᠨ ᠰᠤᠶᠤᠯ ᠤᠨ ᠰᠤᠯᠢᠯᠴᠠᠭᠠ ᠠᠭᠤᠰᠤᠯᠴᠠᠭᠠ ᠶᠢ ᠢᠯᠡᠷᠡᠬᠦᠯᠪᠡ᠃ ᠳᠠᠶᠢᠯᠠᠯᠭᠠ ᠳᠠᠷᠬᠠᠬᠰᠠᠨ ᠤ | ᠳᠠᠷᠠᠭᠠ᠂ ᠰᠢ ᠶᠢᠨ ᠫᠢᠩ ᠪᠤᠯᠤᠨ ᠫᠧᠩ ᠯᠢ ᠶᠤᠸᠠᠨ ᠬᠦᠨᠳᠦᠳᠦ ᠵᠤᠴᠢᠳ ᠲᠠᠢ ᠬᠠᠮᠳᠤ ᠤᠯᠤᠰ ᠤᠨ ᠶᠡᠭᠡ ᠵᠦᠴᠦᠬᠡ ᠶᠢᠨ | ᠳᠢᠶᠠᠲᠷ ᠲᠤ ᠬᠦᠷᠴᠤ ︽ᠮᠢᠩᠭᠠᠨ ᠤᠨ ᠤ ᠪᠤᠯᠵᠤᠭᠠ︾ ᠬᠡᠬᠦ ᠤᠷᠠᠨ ᠰᠠᠶᠢᠬᠠᠨ ᠤ ᠳᠤᠬᠯᠠᠯᠳᠠ ᠶᠢ ᠰᠤᠨᠢᠷᠬᠠᠯᠠ᠃ | ᠳᠤᠬᠯᠠᠯᠳᠠ ᠨᠢ ᠰᠦᠷ ᠵᠢᠪᠬᠤᠭᠠ ᠲᠠᠢ ᠳᠠᠭᠤᠤ ᠪᠦᠵᠢᠭ ᠢᠶᠠᠷ ᠬᠦᠰᠢᠬᠡ ᠪᠠᠨ ᠰᠡᠬᠦᠵᠦ᠂ ᠭᠤᠶᠤ ᠰᠠᠶᠢᠬᠠᠨ | ᠳ᠋ᠦᠨᠬᠤᠸᠠᠩ ᠤᠨ ᠬᠠᠨᠠᠨ ᠵᠢᠷᠤᠬ᠂ ᠤᠬᠳᠠᠷᠭᠤᠢ ᠪᠠᠷ ᠳᠡᠬᠦᠯᠢᠨ ᠨᠢᠰᠬᠦ ᠳᠠᠬᠢᠨᠢ᠂ ᠶᠡᠭᠡ ᠳᠠᠩ ᠤᠨ ᠦᠷᠨᠢᠩᠬᠦᠢ ᠬᠦᠭᠵᠢᠯᠳᠡ | ᠵᠡᠷᠬᠡ ᠶᠢ ᠬᠠᠷᠠᠭᠤᠯᠤᠬᠰᠠᠨ ᠠᠶᠠ ᠳᠠᠭᠤᠤ ᠨᠤᠭᠤᠳ ᠬᠠᠩᠬᠢᠨᠠᠨ ᠴᠤᠤᠷᠢᠶᠠᠳᠤᠵᠦ᠂ ᠡᠨᠡᠬᠦ ᠡᠷᠳᠡᠨ ᠤ ᠬᠤᠳᠠ ᠠᠴᠠ ᠡᠯᠠ | ᠡᠳᠡᠬᠡᠳ ᠤᠨ ᠵᠤᠴᠢᠳ ᠢ ᠪᠠᠶᠠᠷᠯᠠᠨ ᠤᠬᠳᠤᠵᠦ ᠪᠠᠶᠢᠭᠠ ᠦᠪᠡᠳᠡᠭᠰᠢ ᠪᠠᠶᠢᠳᠠᠯ ᠢ ᠬᠠᠷᠠᠭᠤᠯᠵᠠᠢ᠃ ᠬᠤᠶᠠᠷ ᠳᠠᠭᠤᠴᠢᠨ ᠠᠴᠠ | ︽ᠳᠤᠮᠳᠠᠳᠤ ᠤᠯᠤᠰ ᠢᠶᠠᠨ ᠪᠢ ᠬᠠᠶᠢᠷᠠᠯᠠᠨᠠ︾ ᠬᠡᠬᠦ ᠳᠠᠭᠤᠤ ᠪᠠ ᠢᠲ᠋ᠠᠯᠢ ᠶᠢᠨ ᠠᠷᠠᠳ ᠤᠨ ᠳᠠᠭᠤᠤ ︽ᠮᠢᠨᠦ ᠨᠠᠷᠠ︾ ᠬᠡᠬᠦ | ᠳᠠᠭᠤᠤ ᠶᠢ ᠬᠦᠨ ᠰᠡᠳᠬᠢᠯᠬᠡ ᠲᠠᠢ ᠪᠠᠷ ᠳᠠᠭᠤᠯᠠᠪᠠ᠃ | ᠠᠷᠠᠳ ᠤᠨ ᠬᠦᠭᠵᠢᠮ ᠤᠨ ᠬᠠᠮᠲᠤᠯᠢᠭ ᠤᠨ ᠬᠦᠭᠵᠢᠮᠲᠡᠭᠰᠡᠡ ︽ᠬᠦᠭᠡᠮᠲᠦᠭ ᠲᠠᠯᠠᠢ ᠶᠢᠨ ᠢᠷᠠᠭᠤ ᠤᠶᠠᠩᠭᠠ︾ ᠨᠢ | ᠲᠡᠯᠠᠢ ᠲᠡᠭᠡᠷᠡᠬᠢ ᠲᠤᠷᠭᠠᠠ ᠵᠠᠮ ᠤᠨ ᠵᠡᠭᠦᠲᠦᠨ ᠠᠶᠠᠯᠠᠯ ᠢ ᠬᠠᠷᠠᠭᠤᠯᠵᠠᠢ᠃ ᠪᠦᠵᠢᠭ ︽ᠲᠤᠭᠤᠰ ᠤᠨ ᠰᠦᠨᠡᠰᠦ︾ ᠳᠤ᠂ | ᠡᠷᠲᠡᠡ ᠤ ᠴᠠᠢ ᠶᠢᠨ ᠵᠠᠮ ᠲᠡᠭᠡᠷᠡ ᠨᠢᠭᠡ ᠰᠦᠷᠦᠭ ᠲᠤᠭᠤᠰ ᠲᠡᠪᠬᠡᠷᠦᠨ ᠪᠦᠵᠢᠭᠯᠡᠨᠠ᠃ ᠲᠡᠭᠦᠯᠲᠡᠷ ᠬᠤᠭᠤᠷ ᠤᠨ ᠭᠤᠴᠤᠯᠠᠯ | ᠬᠦᠭᠵᠢᠮ ︽ᠪᠡᠭᠡᠵᠢᠩ ᠤᠨ ᠲᠦᠷᠪᠡᠡ ᠤᠯᠠᠷᠢᠯ︾ ᠨᠢ ᠢᠷᠠᠭᠤ ᠡᠭᠡᠰᠢᠭᠯᠢᠭ ᠲᠡᠭᠦᠯᠲᠡᠷ ᠬᠤᠭᠤᠷ ᠤᠨ ᠠᠶᠠᠰ ᠢ ᠬᠦᠰᠢᠭᠡᠡ ᠳᠠᠬᠢ | ᠪᠡᠭᠡᠵᠢᠩ ᠤᠨ ᠵᠢᠷᠤᠭ ᠲᠠᠢ ᠨᠢᠭᠡ ᠴᠤᠭᠴᠠ ᠪᠤᠯᠭᠠᠠ ᠠᠭᠤᠰᠤᠯᠴᠠᠭᠤᠯᠵᠠᠢ᠃ ᠪᠠᠯᠧᠲ ᠪᠦᠵᠢᠭ ︽ᠤᠰᠤᠨ ᠪᠤᠲᠤᠭ ᠤᠨ | ᠰᠢᠪᠡᠨᠡᠭᠡ︾ ᠨᠢ ᠠᠯᠤᠰ ᠠᠴᠠ ᠢᠷᠡᠭᠰᠡᠡ ᠵᠤᠴᠢᠠ ᠤᠨᠢᠶᠠᠷ ᠬᠦᠲᠡᠩ ᠲᠡᠲᠠᠭᠰᠠᠠ ᠵᠢᠶᠠᠩᠨᠠᠠ ᠤᠷᠤᠨ ᠤ ᠬᠦᠭᠡ ᠠᠯᠠᠭ ᠱᠠᠵᠠᠩ | ᠬᠤᠸᠠᠷ ᠲᠠᠢ ᠬᠤᠪᠴᠠᠰᠤ ᠡᠮᠦᠰᠦᠭᠰᠡᠡ ᠬᠡᠤᠬᠡᠨᠴᠤᠳ ᠲᠠᠢ ᠠᠭᠤᠯᠵᠠᠠ ᠤᠴᠠᠷᠠᠭᠰᠠᠠ ᠦᠯᠢᠭᠡᠷ ᠢ ᠶᠠᠷᠢᠪᠠ᠃ ︽ᠪᠠᠭᠠᠲᠤᠷ | ᠢᠲᠡᠲᠡᠳ ᠤᠨ ᠴᠤᠭᠯᠠᠭᠠᠠ︾ ᠨᠢ ᠲᠤᠮᠲᠠᠲᠤ ᠤᠯᠤᠰ ᠤᠨ ᠰᠢ ᠵᠦᠴᠦᠭᠡ ᠶᠢᠨ ᠤᠨᠴᠠ ᠡᠷᠲᠡᠮ ᠤᠨ ᠭᠤᠶᠢᠲᠠ ᠰᠠᠶᠢᠬᠠᠠ ᠢ | ᠦᠵᠡᠭᠦᠯᠦᠭᠰᠡᠡ ᠪᠠᠶᠢᠨᠠ᠃ ᠲᠤᠮᠲᠠᠲᠤ ᠭᠠᠲᠠᠭᠠᠲᠤ ᠶᠢᠨ ᠬᠡᠤᠬᠡᠳ ᠪᠤᠯᠤᠨ ᠲᠠᠭᠤᠴᠢᠳ ︽ᠬᠠᠮᠲᠤ ᠶᠢᠨ ᠭᠡᠷ ᠤᠷᠤᠨ · ᠡᠩᠭᠡ | ᠲᠠᠶᠢᠪᠤᠩ ᠤᠨ ᠮᠠᠭᠲᠠᠭᠠᠯ︾ ᠢ ᠬᠠᠮᠲᠤ ᠪᠠᠷ ᠲᠠᠭᠤᠯᠠᠪᠠ᠃ ᠲᠤᠭᠯᠠᠯᠲᠠ ᠨᠢ ︽ᠲᠠᠭᠤᠤ ᠬᠦᠭᠵᠢᠮ ᠪᠠ ᠪᠠᠶᠠᠷᠲᠦ | ᠢᠨᠢᠶᠡᠮᠰᠦᠭᠯᠡᠯ︾ ᠤᠨ ᠢᠷᠠᠭᠤ ᠬᠦᠭᠵᠢᠮ ᠤᠨ ᠲᠤᠮᠲᠠ ᠲᠡᠭᠦᠰᠴᠠᠢ᠃ | ᠮᠠ ᠺᠠᠢ᠂ ᠸᠠᠩ ᠬᠤ᠋ ᠨᠢᠩ᠂ ᠯᠢᠤ ᠶᠠᠠ ᠳ᠋ᠦᠩ᠂ ᠯᠢᠤ ᠴᠢ ᠪᠤᠤ᠂ ᠸᠠᠩ ᠶᠠᠩ᠂ ᠮᠧᠩ ᠵᠢᠶᠠᠠ ᠵᠦ᠂ ᠯᠢ ᠵᠠᠠ ᠱᠦ᠂ | ᠭᠦᠸᠧ ᠶᠢᠨ ᠯᠦᠩ᠂ ᠶᠠᠩ ᠵᠢᠩ᠂ ᠸᠠᠩ ᠴᠸᠠ᠂ ᠶᠠᠩ ᠵᠢᠶᠧ ᠤᠤᠢ᠂ ᠭᠦᠸᠧ ᠱᠧᠩ ᠺᠦᠨ᠂ ᠸᠠᠩ ᠶᠦᠩ᠂ ᠸᠠᠠ ᠭᠠᠩ᠂ | ᠵᠸᠤ ᠰᠢᠶᠤᠤ ᠴᠤᠸᠠᠠ᠂ ᠯᠢᠶᠠᠩ ᠵᠸᠠ ᠶᠢᠩ ᠨᠠᠷ ᠲᠡᠭᠡᠷᠡᠬᠢ ᠠᠵᠢᠯᠯᠠᠭᠠ ᠳᠤ ᠤᠷᠤᠯᠴᠠᠵᠠᠢ᠃ | |