ᠰᠢᠨᠬᠤᠸᠠ ᠬᠤᠷᠢᠶᠠᠨ ᠪᠡᠭᠡᠵᠢᠩ 5 ᠰᠠᠷᠠ ᠵᠢᠨ 26 ᠴᠠᠬᠢᠯᠭᠠᠨ ᠮᠡᠳᠡᠭᠡ ᠨᠠᠮ ᠲᠦᠪ ᠬᠤᠷᠢᠶᠠᠨ | ᠶᠡᠷᠦᠩᠭᠡᠢ ᠱᠦᠵᠢ᠂ ᠤᠯᠤᠰ ᠲᠡᠷᠢᠬᠦᠯᠡᠭᠴᠢ᠂ ᠲᠦᠪ ᠴᠡᠷᠢᠭ ᠶᠠᠪᠤᠳᠠᠯ ᠬᠤᠷᠢᠶᠠᠨ ᠲᠡᠷᠢᠬᠦᠯᠡᠭᠴᠢ ᠰᠢ | ᠵᠢᠨ ᠫᠢᠩ 26 ᠡᠳᠦᠷ ᠳᠤᠮᠳᠠᠳᠤ ᠤᠯᠤᠰ ᠲᠠᠷᠢᠶᠠᠯᠠᠩ ᠰᠢᠨᠵᠢᠯᠡᠬᠦ ᠤᠬᠠᠭᠠᠨ ᠬᠦᠷᠢᠶᠡᠯᠡᠩ ᠪᠠᠢᠢᠭᠤᠯᠤᠭᠳᠠᠭᠰᠠᠨ | 60 ᠵᠢᠯ ᠤᠢ ᠳ᠋ᠦ ᠵᠠᠬᠢᠳᠠᠯ ᠢᠯᠡᠭᠡᠨ ᠪᠠᠶᠠᠷ ᠬᠦᠷᠭᠡᠵᠦ ᠂ ᠲᠠᠷᠢᠶᠠᠯᠠᠩ ᠰᠢᠨᠵᠢᠯᠡᠬᠦ ᠤᠬᠠᠭᠠᠨ ᠰᠤᠳᠤᠯᠭᠠᠨ | ᠪᠦᠬᠦ ᠠᠵᠢᠯᠳᠠᠨ ᠪᠠ ᠦᠷᠭᠡᠨ ᠤᠯᠠᠨ ᠲᠠᠷᠢᠶᠠᠯᠠᠩ ᠰᠢᠨᠵᠢᠯᠡᠬᠦ ᠤᠬᠠᠭᠠᠨ ᠮᠡᠷᠭᠡᠵᠢᠯ ᠠᠵᠢᠯᠳᠠᠨ ᠳᠤ ᠴᠢᠩ ᠰᠡᠳᠬᠢᠯ | ᠮᠡᠨᠳᠦᠴᠢᠯᠡᠯ ᠲᠡᠪᠰᠢᠬᠦᠯᠵᠡᠢ᠃ | ᠰᠢ ᠵᠢᠨ ᠫᠢᠩ ᠵᠠᠬᠢᠳᠠᠯ ᠳ᠋ᠠᠭᠠᠨ᠂ 60 ᠵᠢᠯ ᠲᠤᠷᠰᠢ᠂ ᠳᠤᠮᠳᠠᠳᠤ ᠲᠠᠷᠢᠶᠠᠯᠠᠩ ᠰᠢᠨᠵᠢᠯᠡᠬᠦ | ᠤᠬᠠᠭᠠᠨ ᠬᠦᠷᠢᠶᠡᠯᠡᠩ ᠬᠢᠨ ᠡᠬᠦᠷᠭᠡ ᠬᠠᠷᠢᠭᠤᠴᠠᠯᠭᠠ ᠪᠡᠨ ᠪᠠᠳᠤ ᠴᠡᠭᠡᠵᠢᠯᠡᠵᠦ᠂ ᠵᠤᠷᠢᠭᠳᠠᠢ ᠪᠡᠷ ᠬᠠᠷᠢᠭᠤᠴᠠᠯᠭᠠ | ᠡᠬᠦᠷᠭᠡᠯᠡᠵᠦ᠂ ᠮᠠᠨ ᠤᠯᠤᠰ ᠲᠠᠷᠢᠶᠠᠯᠠᠩ ᠬᠦᠭᠵᠢᠯᠳᠠ ᠵᠢᠨ ᠴᠢᠬᠤᠯᠠ ᠶᠡᠭᠡ ᠰᠢᠨᠵᠢᠯᠡᠬᠦ ᠤᠬᠠᠭᠠᠨ | ᠠᠰᠠᠭᠤᠳᠠᠯ ᠰᠢᠢᠳᠪᠤᠷᠢᠯᠡᠬᠦ ᠪᠡᠷ ᠦᠪᠡᠷ ᠡᠬᠦᠷᠭᠡ ᠪᠠᠨ ᠪᠤᠯᠭᠠᠵᠦ ᠂ ᠨᠢᠭᠡ ᠪᠦᠯᠦᠭ ᠳᠡᠯᠡᠭᠡᠢ ᠵᠢᠨ ᠲᠡᠷᠢᠬᠦᠨ | ᠲᠦᠪᠰᠢᠨ ᠪᠦᠬᠦᠢ ᠴᠢᠬᠤᠯᠠ ᠡᠬᠦᠳᠦᠯᠳᠠ ᠵᠢᠨ ᠦᠷᠠ ᠪᠦᠳᠦᠭᠡᠯ ᠤᠯᠵᠦ᠂ ᠨᠢᠭᠡ ᠪᠦᠯᠦᠭ ᠲᠠᠷᠢᠶᠠᠯᠠᠩ ᠰᠢᠨᠵᠢᠯᠡᠬᠦ | ᠤᠬᠠᠭᠠᠨ ᠮᠡᠷᠭᠡᠵᠢᠯ ᠳᠠᠭᠠᠭᠤᠯᠤᠭᠴᠢ ᠴᠢᠳᠠᠪᠤᠷᠢᠳᠠᠨ ᠬᠦᠮᠦᠵᠢᠬᠦᠯᠵᠦ᠂ ᠮᠠᠨ ᠤᠯᠤᠰ ︽ᠬᠦᠳᠡᠭᠡ ᠠᠵᠤ ᠠᠬᠤᠢ᠂ | ᠬᠦᠳᠡᠭᠡ ᠲᠤᠰᠬᠤᠨ᠂ ᠲᠠᠷᠢᠶᠠᠴᠢᠨ︾ ᠦᠢᠯᠡᠰ ᠬᠦᠭᠵᠢᠯᠳᠠ ᠳ᠋ᠦ ᠴᠢᠬᠤᠯᠠ ᠬᠤᠪᠢ ᠨᠡᠮᠡᠷᠢ ᠦᠵᠡᠬᠦᠯᠵᠡᠢ ᠭᠡᠵᠦ ᠵᠢᠭᠠᠵᠦ | ᠭᠠᠷᠭᠠᠪᠠ᠃ | ᠰᠢ ᠵᠢᠨ ᠫᠢᠩ᠂ ᠳᠤᠮᠳᠠᠳᠤ ᠤᠯᠤᠰ ᠪᠤᠯ ᠲᠠᠷᠢᠶᠠᠯᠠᠩ ᠶᠡᠭᠡ ᠤᠯᠤᠰ ᠮᠦᠨ᠂ ᠦᠨᠢ ᠤᠳᠠᠭᠠᠨ ᠲᠠᠷᠢᠶᠠᠯᠠᠬᠤ | ᠲᠡᠦᠭᠡ ᠪᠠ ᠭᠡᠷᠡᠯ ᠰᠠᠴᠤᠷᠠᠩᠭᠤᠢ ᠲᠠᠷᠢᠶᠠᠯᠠᠬᠤ ᠰᠤᠶᠤᠯ ᠲᠠᠢ ᠶᠤᠮ᠃ ᠲᠠᠷᠢᠶᠠᠯᠠᠩ ᠤᠳᠤᠬᠢᠴᠢᠯᠠᠯᠳᠠ ᠵᠢᠨ ᠵᠠᠩᠬᠢᠯᠠᠭᠠ ᠨᠢ | ᠰᠢᠨᠵᠢᠯᠡᠬᠦ ᠤᠬᠠᠭᠠᠨ ᠮᠡᠷᠭᠡᠵᠢᠯ ᠲᠠᠪᠰᠢᠯᠳᠠ ᠪᠠ ᠰᠢᠨᠠ ᠵᠢ ᠡᠬᠦᠳᠬᠦ ᠳ᠋ᠦ ᠪᠤᠢ᠃ | |