ᠰᠢᠨᠬᠤᠸᠠ ᠬᠤᠷᠢᠶᠠᠨ 6 6 ᠴᠠᠬᠢᠯᠭᠠᠨ ᠮᠡᠳᠡᠭᠡ︵ᠰᠤᠷᠪᠤᠯᠵᠢᠯᠠᠭᠴᠢ ᠡᡁᠸ᠋ᠥ ᠯᠢ | ᠵᠢᠶᠦᠢᠨ︶ ᠤᠯᠤᠰ ᠲᠡᠷᠢᠬᠦᠯᠡᠭᠴᠢ ᠰᠢ ᠵᠢᠨ ᠫᠢᠩ 6 ᠡᠳᠤᠷ ᠠᠷᠠᠳ ᠶᠡᠬᠡ ᠬᠤᠷᠠᠯ ᠲᠢᠩᠬᠢᠮ ᠳ᠋ᠤ | ᠺᠠᠯᠢᠹᠤᠷᠨᠢᠶᠠ ᠵᠸ᠋ᠥ ᠲᠠᠷᠤᠭᠠ ᠪᠷᠤᠢᠨ ᠲᠠᠢ ᠠᠭᠤᠯᠵᠠᠪᠠ᠃ | ᠰᠢ ᠵᠢᠨ ᠫᠢᠩ᠂ ᠲᠤᠮᠳᠠᠳᠤ ᠬᠠᠷᠢᠯᠴᠠᠭᠠ ᠪᠠᠢᠢᠭᠤᠯᠤᠭᠰᠠᠠ ᠡᠴᠡ ᠨᠠᠰᠢ᠂ ᠬᠤᠶᠠᠷ ᠤᠯᠤᠰ | ᠬᠠᠷᠢᠯᠴᠠᠭᠠ ᠬᠦᠴᠢᠷ ᠪᠡᠷᠭᠡᠰᠢᠶᠡᠯ ᠲᠤᠭᠤᠯᠵᠥ᠂ ᠬᠠᠳᠠᠭᠤᠵᠢᠯᠳᠠᠢ ᠪᠡᠷ ᠤᠷᠤᠭᠰᠢᠯᠠᠵᠥ᠂ ᠬᠤᠶᠠᠷ ᠤᠯᠤᠰ ᠠᠷᠠᠳ | ᠲᠦᠮᠡᠨ ᠳ᠋ᠤ ᠯᠤᠳᠤ ᠶᠡᠬᠡ ᠠᠰᠢᠭ ᠲᠤᠰᠠ ᠬᠦᠷᠳᠡᠭᠡᠭᠰᠡᠡ ᠪᠦᠭᠡᠳ ᠠᠽᠢᠶᠠ ᠲᠢᠪ ᠨᠤᠮᠤᠬᠠᠨ ᠲᠠᠯᠠᠢ ᠤᠷᠤᠨ ᠪᠤᠯᠤᠨ | ᠡᠩᠬᠡ ᠲᠠᠢᠢᠪᠤᠩ᠂ ᠲᠤᠭᠳᠠᠭᠤᠨ᠂ ᠬᠦᠭᠵᠢᠯ ᠴᠡᠴᠡᠭᠯᠡᠯ ᠬᠦᠴᠦᠳᠠᠢ ᠠᠬᠢᠭᠤᠯᠤᠭᠰᠠᠠ ᠪᠠᠢᠢᠨᠠ᠃ ᠲᠤᠮᠳᠠᠳᠤ | ᠤᠯᠤᠰ ᠡᠩᠬᠡ ᠲᠠᠢᠢᠪᠤᠩ ᠬᠦᠭᠵᠢᠯᠳᠡ᠂ ᠨᠡᠬᠡᠬᠡᠯᠳᠡᠳᠤ ᠬᠦᠭᠵᠢᠯᠳᠡ ᠪᠠᠷᠢᠮᠳᠠᠯᠠᠵᠥ᠂ ᠪᠤᠬᠢᠷᠳᠤᠯ ᠦᠭᠡᠢ ᠬᠦᠭᠵᠢᠯᠳᠡ | ᠵᠠᠮ ᠵᠠᠮᠨᠠᠬᠤ ᠪᠠᠷᠢᠮᠳᠠᠯᠠᠨᠠ᠃ ᠰᠢᠨᠡ ᠪᠠᠢᠢᠳᠠᠯ ᠲᠤᠤᠷᠠ᠂ ᠲᠤᠮᠳᠠᠳᠤ ᠬᠤᠶᠠᠷ ᠤᠯᠤᠰ ᠰᠤᠯᠢᠯᠴᠠᠭᠠ | ᠪᠤᠯᠤᠨ ᠬᠠᠮᠳᠤᠷᠠᠯᠴᠠᠭᠠ ᠦᠷᠨᠢᠬᠦᠯᠬᠦ ᠬᠦᠷᠢᠶᠡ ᠤᠯᠠᠮ ᠦᠷᠭᠡᠨ ᠪᠤᠯᠪᠠ᠃ ᠬᠤᠶᠠᠷ ᠲᠠᠯᠠ ᠪᠡᠷ ᠰᠤᠯᠢᠯᠴᠠᠭᠠ ᠪᠡᠨ | ᠴᠢᠩᠭᠠᠳᠬᠠᠵᠥ᠂ ᠬᠠᠮᠳᠤᠷᠠᠯᠴᠠᠭᠠ ᠪᠡᠨ ᠦᠷᠭᠡᠳᠭᠡᠵᠥ᠂ ᠲᠤᠮᠳᠠᠳᠤ ᠡᠷᠡᠬᠦᠯ ᠲᠤᠭᠳᠠᠭᠤᠨ | ᠬᠦᠭᠵᠢᠬᠦ ᠠᠬᠢᠭᠤᠯᠬᠤ ᠬᠡᠷᠡᠭᠳᠡᠢ ᠬᠡᠵᠥ ᠵᠢᠭᠠᠵᠥ ᠭᠠᠷᠭᠠᠪᠠ᠃ | |