ᠰᠢᠨᠬᠤᠸᠠ ᠬᠤᠷᠢᠶᠠᠨ ᠪᠡᠭᠡᠵᠢᠩ 6 7 ᠴᠠᠬᠢᠯᠭᠠᠨ ᠮᠡᠳᠡᠭᠡ 6 ᠰᠠᠷᠠ ᠵᠢᠨ 7 | ᠡᠳᠦᠷ᠂ ᠪᠦᠬᠦᠳᠡ ᠨᠠᠢᠢᠷᠠᠮᠳᠠᠬᠤ ᠺᠠᠽᠠᠭᠰᠲ᠋ᠠᠨ ᠤᠯᠤᠰ ᠲᠥ ᠲᠦᠷᠦ ᠶᠠᠪᠤᠳᠠᠯ ᠠᠢᠢᠯᠴᠢᠯᠠᠯᠳᠡ ᠬᠢᠬᠦ ᠡᠴᠡ | ᠡᠮᠤᠨᠡᠬᠡᠨ᠂ ᠤᠯᠤᠰ ᠲᠡᠷᠢᠬᠦᠯᠡᠭᠴᠢ ᠰᠢ ᠵᠢᠨ ᠫᠢᠩ︽ᠺᠠᠽᠠᠭᠰᠲ᠋ᠠᠨ ᠦᠨᠡᠨ ᠶᠤᠰᠤ ᠰᠤᠨᠢᠨ︾ᠳ᠋ᠤ︽ᠲᠤᠮᠳᠠᠳᠤ | ᠺᠠᠽᠠᠭᠰᠲ᠋ᠠᠨ ᠬᠠᠷᠢᠯᠴᠠᠭᠠ ᠳ᠋ᠤ ᠬᠦᠰᠡᠯ ᠵᠢᠬᠦᠷ ᠤᠷᠭᠤᠭᠤᠯᠰᠤᠭᠠᠢ︾ᠬᠡᠬᠦ ᠰᠡᠳᠤᠪ ᠲᠠᠢ ᠨᠡᠷᠡ ᠬᠠᠳᠠᠭᠰᠠᠠ ᠵᠤᠬᠢᠶᠠᠯ | ᠨᠡᠢᠢᠳᠡᠯᠡᠵᠡᠢ᠃ ᠪᠦᠬᠦ ᠠᠭᠤᠯᠭᠠ ᠨᠢ ᠲᠤᠤᠷᠠᠬᠢ ᠮᠠᠳᠤ᠄ | | ᠲᠤᠮᠳᠠᠳᠤ ᠺᠠᠽᠠᠭᠰᠲ᠋ᠠᠨ ᠬᠠᠷᠢᠯᠴᠠᠭᠠ ᠳ᠋ᠤ ᠬᠦᠰᠡᠯ ᠵᠢᠬᠦᠷ ᠤᠷᠭᠤᠭᠤᠯᠰᠤᠭᠠᠢ | | ᠪᠦᠬᠦᠳᠡ ᠨᠠᠢᠢᠷᠠᠮᠳᠠᠬᠤ ᠲᠤᠮᠳᠠᠳᠤ ᠠᠷᠠᠳ ᠤᠯᠤᠰ ᠲᠡᠷᠢᠬᠦᠯᠡᠭᠴᠢ ᠰᠢ ᠵᠢᠨ ᠫᠢᠩ | | ᠵᠤᠨ ᠲᠤᠮᠳᠠ ᠰᠠᠷᠠ ᠳ᠋ᠤ᠂ ᠲᠦᠮᠡᠨ ᠪᠤᠳᠠᠰ ᠠᠮᠢᠯᠠᠨ ᠲᠦᠯᠵᠢᠨᠠ᠃ ᠡᠨᠡᠬᠦ ᠰᠠᠢᠢᠬᠠᠨ ᠤᠯᠠᠷᠢᠯ ᠳᠤ᠂ | ᠶᠡᠷᠤᠩᠬᠡᠢᠢᠯᠡᠭᠴᠢ ᠤᠷᠢᠯᠭᠠ ᠪᠡᠷ᠂ ᠪᠢ ᠭᠤᠷᠪᠠᠳᠠᠬᠢ ᠤᠳᠠᠭᠠ ᠺᠠᠽᠠᠭᠰᠲ᠋ᠠᠨ ᠳ᠋ᠤ ᠠᠢᠢᠯᠴᠢᠯᠠᠬᠤ ᠪᠤᠯᠤᠭᠰᠠᠨ | ᠪᠦᠭᠡᠳ ᠬᠠᠮᠳᠤᠷᠠᠯᠴᠠᠭᠠᠨ ᠵᠤᠬᠢᠶᠠᠨ ᠪᠠᠢᠢᠭᠤᠯᠤᠯᠳᠠ ᠲᠦᠷᠦᠬᠦᠴᠤᠳ ᠬᠤᠷᠠᠯ ᠪᠤᠯᠤᠨ ᠠᠰᠲ᠋ᠠᠨᠠ | ᠲᠡᠯᠡᠬᠡᠢ ᠦᠵᠡᠰᠬᠦᠯᠡᠩ ᠴᠤᠭᠯᠠᠭᠠᠨ ᠡᠬᠢᠯᠡᠯᠳᠡ ᠶᠤᠰᠤᠯᠠᠯ ᠳ᠋ᠤ ᠤᠷᠤᠯᠴᠠᠬᠤ ᠪᠡᠷ ᠪᠤᠢ᠃ | ᠺᠠᠽᠠᠭᠰᠲ᠋ᠠᠨ ᠦᠷᠭᠡᠨ ᠠᠭᠤᠳᠠᠮ ᠦᠵᠡᠰᠬᠦᠯᠡᠩᠳᠤ ᠰᠠᠢᠢᠬᠠᠨ ᠲᠠᠯᠠ ᠨᠤᠳᠤᠭ᠂ ᠮᠤᠷᠤᠯᠵᠠᠨ ᠤᠷᠤᠰᠬᠤ ᠭᠤᠤᠯ ᠮᠦᠷᠡᠨ᠂ | ᠡᠳᠦᠷ ᠲᠤᠳᠤᠮ ᠰᠢᠨᠡᠳᠤᠨ ᠬᠤᠪᠢᠷᠠᠵᠥ ᠪᠠᠢᠢᠭᠠ ᠪᠦᠳᠦᠭᠡᠨ ᠪᠠᠢᠢᠭᠤᠯᠤᠯᠳᠠ᠂ ᠬᠠᠯᠠᠭᠤᠮᠰᠤᠭ ᠪᠤᠷᠤᠭᠵᠢᠭᠤᠨ ᠠᠷᠠᠳ ᠲᠦᠮᠡᠨ | ᠨᠠᠳᠠᠳᠤ ᠬᠦᠨ ᠰᠠᠭᠤᠭᠳᠠᠯ ᠦᠯᠡᠳᠡᠭᠡᠭᠰᠡᠡ ᠶᠤᠮ᠃ ᠡᠨᠡᠬᠦ ᠦᠵᠡᠰᠬᠦᠯᠡᠩᠳᠤ ᠰᠠᠢᠢᠬᠠᠨ ᠨᠤᠳᠤᠭ ᠲᠠᠪᠢᠰᠬᠡᠷ ᠲᠥ ᠲᠠᠬᠢᠨᠳᠠ | ᠬᠦᠷᠬᠦ ᠪᠤᠯᠤᠭᠰᠠᠠ ᠳ᠋ᠠᠭᠠᠨ ᠪᠢ ᠶᠡᠬᠡᠳᠡ ᠰᠡᠳᠬᠢᠯ ᠲᠤᠭᠳᠤᠯᠵᠥ ᠪᠠᠢᠢᠨᠠ᠃ | ᠡᠨᠡ ᠵᠢᠯ ᠪᠤᠯ ᠲᠤᠮᠳᠠᠳᠤ ᠺᠠᠽᠠᠭᠰᠲ᠋ᠠᠨ ᠬᠠᠷᠢᠯᠴᠠᠭᠠ ᠪᠠᠢᠢᠭᠤᠯᠤᠭᠰᠠᠠ 25 ᠵᠢᠯ ᠤᠢ ᠪᠤᠯᠤᠨᠠ᠃ ᠡᠨᠡᠬᠦ | ᠲᠦᠷᠪᠡᠨ ᠨᠢᠬᠡ ᠬᠤᠪᠢ ᠡᠷᠡᠨ ᠵᠠᠭᠤᠨ ᠳ᠋ᠤ᠂ ᠲᠤᠮᠳᠠᠳᠤ ᠺᠠᠽᠠᠭᠰᠲ᠋ᠠᠨ ᠬᠠᠷᠢᠯᠴᠠᠭᠠ ᠴᠠᠭ ᠬᠤᠭᠤᠴᠠᠭᠠ ᠪᠤᠯᠤᠨ | ᠲᠡᠯᠡᠬᠡᠢ ᠤᠷᠤᠭᠠ ᠪᠤᠰᠬᠠᠭᠠ ᠪᠠᠢᠢᠳᠠᠯ ᠰᠢᠯᠭᠠᠯᠳᠠ ᠲᠤᠭᠤᠯᠵᠥ᠂ ᠡᠶᠡᠯᠳᠡᠭ ᠬᠦᠷᠰᠢ ᠨᠦᠬᠦᠷᠰᠡᠭ | ᠬᠠᠷᠢᠯᠴᠠᠭᠠ ᠪᠠᠢᠢᠭᠤᠯᠤᠭᠰᠠᠨ ᠡᠴᠡ ᠪᠦᠬᠦ ᠲᠠᠯᠠ ᠪᠠᠢᠢᠯᠳᠤᠬᠤ ᠪᠤᠳᠤᠯᠭᠠ ᠬᠠᠨᠢᠳᠠᠨ ᠬᠠᠷᠢᠯᠴᠠᠭᠠ | ᠬᠦᠭᠵᠢᠬᠦᠯᠦᠭᠰᠡᠨ ᠬᠦᠷᠳᠡᠯᠡ᠂ ᠳᠠᠬᠢᠨ ᠠᠰᠢᠬ ᠲᠤᠰᠠ ᠬᠠᠮᠳᠤ ᠴᠤᠭᠴᠠ ᠪᠤᠯᠤᠨ ᠬᠤᠪᠢ ᠵᠠᠶᠠᠭᠠᠨ ᠬᠠᠮᠳᠤ | ᠴᠤᠭᠴᠠ ᠪᠠᠢᠢᠭᠤᠯᠤᠭᠰᠠᠨ ᠬᠦᠷᠳᠡᠯᠡ᠂ ᠲᠠᠪᠠᠯᠳᠠᠳᠤ ᠮᠠᠶ᠋ᠢᠭ ᠬᠦᠭᠵᠢᠯᠳᠡ ᠪᠡᠶᠡᠯᠡᠬᠦᠯᠵᠥ᠂ ᠲᠡᠤᠬᠡ | ᠬᠠᠮᠤᠭ ᠲᠦᠪᠰᠢᠨ ᠳ᠋ᠤ ᠬᠦᠷᠦᠭᠰᠡᠡ ᠪᠠᠢᠢᠨᠠ᠃ >>> |