ᠰᠢᠨᠬᠤᠸᠠ ᠬᠤᠷᠢᠶᠠᠨ 6 7 ᠴᠠᠬᠢᠯᠭᠠᠨ ᠮᠡᠳᠡᠬᠡ ᠨᠠᠢᠮᠠᠳᠤᠭᠠᠷ ᠬᠤᠭᠤᠴᠠᠭᠠᠨ | ᠴᠡᠪᠡᠷ ᠡᠨ᠋ᠸᠷᠬᠢ ᠰᠠᠢᠢᠳ ᠲᠡᠰ ᠬᠤᠷᠠᠯ ᠪᠤᠯᠤᠨ ᠬᠤᠶᠠᠳᠤᠭᠠᠷ ᠬᠤᠭᠤᠴᠠᠭᠠᠨ ᠰᠢᠨᠡ ᠡᠬᠦᠳᠬᠦ | ᠡᠬᠦᠷᠬᠡᠳᠦ ᠰᠠᠢᠢᠳ ᠲᠡᠰ ᠬᠤᠷᠠᠯ 6 7 ᠡᠳᠤᠷ ᠪᠡᠭᠡᠵᠢᠩ ᠳ᠋ᠤ ᠡᠬᠢᠯᠡᠪᠡ᠃ ᠤᠯᠤᠰ | ᠲᠡᠷᠢᠬᠦᠯᠡᠭᠴᠢ ᠰᠢ ᠵᠢᠨ ᠫᠢᠩ ᠪᠠᠶᠠᠷ ᠵᠠᠬᠢᠳᠠᠯ ᠢᠯᠡᠬᠡᠵᠥ᠂ ᠬᠤᠷᠠᠯ ᠬᠤᠷᠠᠯᠳᠤᠭᠰᠠᠠ ᠳ᠋ᠤ ᠪᠠᠶᠠᠷ ᠬᠦᠷᠬᠡᠵᠡᠢ᠃ | ᠰᠢ ᠵᠢᠨ ᠫᠢᠩ᠂ ᠴᠡᠪᠡᠷ ᠡᠸ᠋ᠷᠬᠢ ᠬᠦᠭᠵᠢᠬᠦᠯᠬᠦ ᠪᠤᠯ ᠡᠨ᠋ᠸᠷᠬᠢ ᠢᠢᠨ ᠪᠦᠳᠦᠴᠡ ᠰᠠᠢᠢᠵᠢᠷᠠᠭᠤᠯᠬᠤ᠂ ᠡᠨ᠋ᠸᠷᠬᠢ | ᠠᠮᠤᠷ ᠲᠦᠪᠰᠢᠨ ᠪᠠᠳᠤᠯᠠᠬᠤ᠂ ᠠᠮᠢ ᠠᠬᠤᠢ ᠪᠤᠯᠪᠠᠰᠤᠨ ᠪᠠᠢᠢᠭᠤᠯᠤᠯᠳᠠ ᠠᠬᠢᠭᠤᠯᠬᠤ ᠴᠢᠬᠤᠯᠠ | ᠡᠬᠦᠷᠬᠡ ᠪᠤᠯᠤᠨᠠ᠃ ᠡᠨᠡ ᠤᠳᠠᠭᠠ ᠬᠤᠷᠠᠯᠳᠤᠭᠰᠠᠠ ᠬᠤᠶᠠᠷ ᠴᠢᠬᠤᠯᠠ ᠬᠤᠷᠠᠯ ᠨᠢ ᠲᠡᠯᠡᠬᠡᠢ ᠨᠡᠢᠢᠬᠡᠮ ᠴᠡᠪᠡᠷ | ᠡᠨ᠋ᠸᠷᠬᠢ ᠵᠢᠨ ᠮᠡᠷᠭᠡᠵᠢᠯ ᠨᠡᠬᠡᠬᠡᠨ ᠬᠦᠭᠵᠢᠬᠦᠯᠬᠦ ᠪᠠ ᠠᠰᠢᠬᠯᠠᠬᠤ ᠲᠡᠬᠡᠳᠤ ᠬᠡᠮᠵᠢᠶᠡ ᠪᠡᠷ ᠠᠩᠬᠠᠷᠴᠦ ᠪᠠᠢᠢᠬᠤ | ᠢᠯᠡᠷᠡᠬᠦᠯᠵᠥ᠂ ᠪᠦᠬᠦ ᠪᠦᠮᠪᠦᠷᠴᠡᠭ ᠴᠡᠪᠡᠷ ᠪᠦᠭᠡᠳ ᠦᠨᠳᠤᠷ ᠦᠷᠡ ᠠᠰᠢᠬᠳᠤ ᠡᠨ᠋ᠸᠷᠬᠢ ᠰᠢᠰᠲ᠋ᠸᠮ | ᠪᠠᠢᠢᠭᠤᠯᠬᠤ ᠢᠳᠡᠪᠬᠢ ᠢᠯᠡᠷᠡᠬᠦᠯᠥᠭᠰᠡᠡ ᠪᠠᠢᠢᠨᠠ ᠬᠡᠵᠥ ᠵᠢᠭᠠᠵᠥ ᠭᠠᠷᠭᠠᠪᠠ᠃ | |