6 ᠰᠠᠷᠠ ᠶᠢᠨ 15 ᠤ ᠦᠳᠡ ᠶᠢᠨ ᠡᠮᠦᠨᠡ᠂ ᠤᠷᠤᠨ ᠤ ᠰᠢᠬᠦᠬᠦ | ᠬᠤᠷᠢᠶᠠ ᠶᠢᠨ ︽ᠲᠠᠯᠠ ᠨᠤᠳᠤᠬ ᠤᠨ ᠰᠦᠷ ᠬᠦᠴᠦᠨ︾ ᠬᠡᠬᠦ ᠲᠦᠪᠯᠡᠷᠡᠬᠦᠯᠦᠨ ᠬᠦᠢᠴᠡᠳᠬᠡᠬᠦ ᠠᠵᠢᠯᠯᠠᠭᠠ ᠦᠪᠡᠷᠳᠡᠬᠡᠨ ᠵᠠᠰᠠᠬᠤ | ᠤᠷᠤᠨ ᠤ ᠠᠷᠠᠳ ᠤᠨ ᠦᠨᠳᠦᠷ ᠵᠡᠷᠬᠡ ᠶᠢᠨ ᠰᠢᠬᠦᠬᠦ ᠬᠤᠷᠢᠶᠠᠨ ᠳᠤ ᠡᠬᠢᠯᠡᠵᠡᠢ᠃ | ᠦᠪᠡᠷᠳᠡᠬᠡᠨ ᠵᠠᠰᠠᠬᠤ ᠤᠷᠤᠨ ᠤ ᠠᠷᠠᠳ ᠤᠨ ᠦᠨᠳᠦᠷ ᠵᠡᠷᠬᠡ ᠶᠢᠨ ᠰᠢᠬᠦᠬᠦ ᠬᠤᠷᠢᠶᠠ ᠶᠢᠨ | ᠲᠠᠷᠤᠭᠠ ᠬᠤ᠋ ᠢ ᠹᠧᠩ ᠡᠬᠢᠯᠡᠯᠳᠡ ᠶᠢᠨ ᠶᠤᠰᠤᠯᠠᠯ ᠳᠤ ᠤᠷᠤᠯᠴᠠᠵᠠᠢ᠃ | ᠤᠢᠢᠯᠠᠭᠠᠬᠰᠠᠨ ᠢᠶᠠᠷ᠂ ︽ᠲᠠᠯᠠ ᠨᠤᠳᠤᠬ ᠤᠨ ᠰᠦᠷ ᠬᠦᠴᠦᠨ︾ ᠬᠡᠬᠦ ᠲᠦᠪᠯᠡᠷᠡᠬᠦᠯᠦᠨ ᠬᠦᠢᠴᠡᠳᠬᠡᠬᠦ ᠠᠵᠢᠯᠯᠠᠭᠠ ᠶᠢ | ᠶᠠᠪᠤᠬᠳᠠᠭᠤᠯᠵᠤ ᠪᠠᠶᠢᠬᠤ ᠨᠢ 2016 ᠤᠨ ᠤ ︽ᠬᠦᠢᠴᠡᠳᠬᠡᠬᠦ ᠤᠨ︾ ᠤ ᠲᠤᠰᠬᠠᠢ ᠠᠵᠢᠯ ᠤᠨ ᠤᠬᠢ ᠰᠠᠶᠢᠨ ᠪᠠᠶᠢᠳᠠᠯ ᠢ | ᠵᠠᠯᠭᠠᠮᠵᠢᠯᠠᠨ᠂ ᠬᠦᠢᠴᠡᠳᠬᠡᠬᠦ ᠠᠵᠢᠯ ᠤᠨ ᠦᠷᠡ ᠪᠦᠳᠦᠮᠵᠢ ᠶᠢ ᠲᠡᠭᠡᠭᠰᠢᠯᠡᠬᠦᠯᠵᠤ᠂ ᠪᠦᠬᠦ ᠤᠷᠤᠨ ᠳᠤ ᠢᠳᠡᠬᠡᠯ ᠠᠯᠳᠠᠬᠰᠠᠨ | ᠬᠦᠢᠴᠡᠳᠭᠡᠭᠳᠡᠭᠴᠢ ᠳᠤ ᠴᠤᠬᠢᠯᠳᠠ ᠦᠭᠬᠦ ᠦᠨᠳᠦᠷ ᠲᠠᠷᠤᠯᠳᠠᠳᠤ ᠠᠶᠤᠯᠭᠠᠨ ᠰᠦᠷᠳᠡᠬᠦᠯᠬᠦ ᠪᠠᠶᠢᠳᠠᠯ ᠢ ᠴᠤᠬᠴᠠᠯᠠᠬᠤ ᠪᠠᠷ | ᠴᠢᠷᠮᠠᠶᠢᠵᠤ᠂ ᠲᠤᠬᠠᠢ ᠶᠢᠨ ᠬᠦᠮᠦᠨ ᠤ ᠵᠠᠷᠭᠤ ᠢᠯᠠᠭᠰᠠᠨ ᠡᠷᠬᠡ ᠠᠰᠢᠬ ᠢ ᠦᠨᠡᠨᠬᠦ ᠬᠠᠮᠠᠭᠠᠯᠠᠬᠤ ᠶᠢᠨ ᠲᠦᠯᠦᠬᠡ ᠶᠤᠮ᠃ ᠲᠤᠰ | ᠤᠳᠠᠭᠠ ᠶᠢᠨ ︽ᠲᠠᠯᠠ ᠨᠤᠳᠤᠬ ᠤᠨ ᠰᠦᠷ ᠬᠦᠴᠦᠨ︾ ᠬᠡᠬᠦ ᠲᠦᠪᠯᠡᠷᠡᠬᠦᠯᠦᠨ ᠬᠦᠢᠴᠡᠳᠬᠡᠬᠦ ᠠᠵᠢᠯᠯᠠᠭᠠ ᠳᠤ ᠪᠦᠬᠦ ᠤᠷᠤᠨ ᠤ | ᠭᠤᠷᠪᠠᠨ ᠱᠠᠳᠤᠨ ᠤ ᠰᠢᠬᠦᠬᠦ ᠬᠤᠷᠢᠶᠠ ᠨᠢᠬᠡᠳᠦᠯᠳᠡᠢ ᠴᠠᠬ ᠲᠤ᠂ ᠨᠢᠬᠡᠳᠦᠯᠳᠡᠢ ᠵᠢᠭᠠᠨ ᠵᠢᠯᠤᠭᠤᠳᠴᠤ᠂ ᠨᠢᠬᠡᠳᠦᠯᠳᠡᠢ | ᠬᠦᠳᠡᠯᠦᠯᠴᠡᠵᠦ᠂ 6 ᠰᠠᠷᠠ ᠶᠢᠨ 15 ᠠᠴᠠ 24 ᠤ ᠡᠳᠦᠷ ᠪᠤᠯᠳᠠᠯᠠ ᠠᠷᠪᠠᠨ ᠡᠳᠦᠷ ᠤᠨ ᠬᠤᠭᠤᠴᠠᠭᠠ ᠲᠠᠢ ᠶᠠᠪᠤᠬᠳᠠᠨᠠ᠃ | ᠡᠨᠡ ᠵᠢᠯ ᠤᠨ 1 —5 ᠰᠠᠷᠠ ᠳᠤ᠂ ᠪᠦᠬᠦ ᠤᠷᠤᠨ ᠤ ᠰᠢᠬᠦᠬᠦ ᠬᠤᠷᠢᠶᠠ ᠬᠦᠢᠴᠡᠳᠬᠡᠬᠦ ᠲᠤᠰᠬᠠᠢ ᠠᠵᠢᠯᠯᠠᠭᠠ ᠶᠢ | ᠨᠡᠶᠢᠳᠡ 180 ᠤᠳᠠᠭᠠ ᠵᠤᠬᠢᠶᠠᠨ ᠪᠠᠶᠢᠭᠤᠯᠤᠨ ᠶᠠᠪᠤᠬᠳᠠᠭᠤᠯᠵᠤ᠂ ᠬᠠᠤᠯᠢ ᠶᠤᠰᠤᠭᠠᠷ 5456 ᠬᠦᠮᠦᠨ ︵ᠤᠳᠠᠭᠠ︶ ᠢ | ᠲᠦᠷ ᠬᠤᠷᠢᠵᠤ᠂ 124 ᠬᠦᠮᠦᠨ ︵ᠤᠳᠠᠭᠠ︶ ᠢ ᠵᠤᠭᠤᠰ ᠢᠶᠠᠷ ᠲᠤᠷᠭᠠᠵᠤ᠂ ᠲᠤᠷᠭᠠᠬᠰᠠᠨ ᠵᠤᠭᠤᠰ ᠨᠢ 224.55 ᠲᠦᠮᠡᠨ | ᠲᠦᠬᠦᠷᠢᠭ ᠲᠤ ᠬᠦᠷᠴᠦ᠂ ᠢᠳᠡᠬᠡᠯ ᠠᠯᠳᠠᠬᠰᠠᠨ ᠬᠦᠢᠴᠡᠳᠭᠡᠭᠳᠡᠭᠴᠢ ᠶᠢ ᠨᠡᠶᠢᠳᠡ 1.5 ᠲᠦᠮᠡᠨ ᠬᠦᠮᠦᠨ ᠤᠳᠠᠭᠠ ᠵᠠᠷᠯᠠᠨ | ᠨᠡᠶᠢᠳᠡᠯᠡᠵᠦ᠂ ᠨᠡᠶᠢᠬᠡᠮ ᠤᠨ ᠰᠠᠶᠢᠨ ᠰᠠᠶᠢᠬᠠᠨ ᠪᠠᠶᠢᠳᠠᠯ ᠢ ᠪᠤᠢ ᠪᠤᠯᠭᠠᠬᠰᠠᠨ ᠪᠠᠶᠢᠨᠠ᠃ | |