6 ᠰᠠᠷᠠ ᠶᠢᠨ19 ᠤ ᠡᠲᠦᠷ ᠤᠨ 14 ᠴᠠᠭ 55 ᠮᠢᠨᠦ᠋ᠲ ᠲᠤ᠂ ᠲᠡᠭᠷᠢ ᠶᠢᠨ ᠵᠠᠪᠢ ᠨᠢᠭᠡᠲᠦᠭᠡᠷ ᠪᠠᠷᠠᠭᠠᠠ ᠤ | ᠵᠦᠭᠡᠭᠡᠪᠦᠷᠢ ᠶᠢᠨ ᠨᠢᠰᠭᠦ ᠤᠩᠭᠤᠴᠠ ᠲᠡᠭᠷᠢ ᠶᠢᠨ ᠤᠷᠲᠤᠨ ᠬᠤᠶᠠᠲᠤᠭᠠᠷ ᠤᠨ ᠤᠭᠲᠠᠷᠭᠤᠢ ᠳᠠᠬᠢ ᠲᠤᠷᠰᠢᠯᠲᠠ ᠶᠢᠨ | ᠦᠷᠦᠭᠡ ᠶᠢ ᠲᠤᠭᠤᠷᠢᠵᠦ ᠨᠢᠰᠬᠦ ᠪᠠ ᠲᠡᠭᠦᠨ ᠯᠦᠭᠡ ᠬᠤᠶᠠᠲᠡᠬᠢ ᠤᠲᠠᠭᠠᠠ ᠤ ᠵᠤᠯᠭᠠᠵᠤ ᠵᠠᠯᠭᠠᠭᠤᠯᠬᠤ ᠲᠤᠷᠰᠢᠯᠲᠠ ᠶᠢ | ᠪᠡᠶᠡᠯᠡᠭᠦᠯᠵᠠᠢ᠃ | 6 ᠰᠠᠷᠠ ᠶᠢᠨ 19 ᠤ ᠡᠲᠦᠷ ᠤᠨ 9 ᠴᠠᠭ 37 ᠮᠢᠨᠦ᠋ᠲ ᠲᠤ᠂ ᠭᠠᠵᠠᠷ ᠲᠡᠭᠡᠷᠡᠬᠢ ᠰᠢᠢᠳᠪᠦᠷᠢᠲᠦ ᠪᠤᠲᠤᠯᠭᠠ ᠶᠢᠨ | ᠵᠢᠯᠤᠭᠤᠲᠤᠯᠭᠠ ᠲᠤᠤᠷᠠ᠂ ᠲᠡᠭᠷᠢ ᠶᠢᠨ ᠵᠠᠪᠢ ᠨᠢᠭᠡᠳᠣᠭᠡᠷ ᠲᠤᠷᠰᠢᠯᠲᠡ ᠶᠢᠨ ᠦᠷᠦᠭᠡ ᠶᠢ ᠲᠤᠭᠤᠷᠢᠨ ᠨᠢᠰᠬᠦ ᠪᠠᠨ | ᠡᠬᠢᠯᠡᠭᠦᠯᠵᠠᠢ᠃ ᠭᠠᠵᠠᠷ ᠲᠡᠭᠡᠷᠠ ᠠᠴᠠ ᠶᠠᠭᠤᠨ ᠤ ᠡᠮᠦᠨᠠ ᠰᠠᠯᠬᠤ ᠵᠠᠷᠯᠢᠭ ᠦᠭᠭᠦᠭᠰᠡᠡ ᠳᠤ᠂ ᠲᠡᠭᠷᠢ ᠶᠢᠨ ᠤᠷᠲᠤᠨ | ᠬᠤᠶᠠᠲᠤᠭᠠᠷ ᠡᠵᠡᠮᠲᠡᠯ ᠢᠶᠠᠨ ᠵᠤᠭᠰᠤᠭᠠᠠ᠂ ᠵᠠᠯᠭᠠᠭᠤᠯᠬᠤ ᠪᠠᠶᠢᠭᠤᠯᠤᠮᠵᠢ ᠤᠨᠢᠰᠤ ᠪᠠᠨ ᠨᠡᠭᠡᠭᠡᠵᠦ᠂ ᠬᠤᠶᠠᠷ ᠰᠠᠠᠰᠠᠷ ᠤᠨ | ᠨᠢᠰᠦᠭᠦᠷ ᠰᠠᠯᠵᠦ ᠶᠠᠪᠤᠵᠠᠢ᠃ ᠲᠡᠭᠷᠢ ᠶᠢᠨ ᠵᠠᠪᠢ ᠨᠢᠭᠡᠲᠦᠭᠡᠷ ᠲᠡᠰ ᠲᠠᠷᠠᠭᠠ ᠶᠤᠰᠤᠭᠠᠷ ᠠᠯᠬᠤᠮ ᠠᠯᠬᠤᠮ ᠢᠶᠠᠷ ᠬᠤᠶᠢᠰᠢ ᠪᠠᠨ | 5 ᠮᠢᠩᠭᠠᠠ ᠮᠧᠲᠷ ᠤᠬᠤᠷᠢᠵᠦ᠂ ᠪᠠᠷᠤᠭ 90 ᠮᠢᠨᠦ᠋ᠲ ᠵᠤᠭᠰᠤᠪᠠ᠃ ᠭᠠᠵᠠᠷ ᠲᠡᠭᠡᠷᠠ ᠠᠴᠠ ᠰᠠᠠᠰᠠᠷ ᠤᠨ ᠨᠢᠰᠦᠭᠦᠷ ᠤᠨ | ᠪᠠᠶᠢᠲᠠᠯ ᠭᠡᠪ ᠤᠨ ᠪᠠᠶᠢᠲᠠᠯ ᠲᠠᠢ ᠪᠠᠶᠢᠬᠤ ᠶᠢ ᠨᠤᠲᠠᠯᠠᠭᠰᠠᠠ ᠤ ᠲᠠᠷᠠᠭᠠ᠂ ᠲᠡᠭᠷᠢ ᠶᠢᠨ ᠵᠠᠪᠢ ᠨᠢᠭᠡᠲᠦᠭᠡᠷ ᠲᠤ ᠲᠤᠭᠤᠷᠢᠨ | ᠨᠢᠰᠬᠦ ᠶᠢ ᠡᠵᠡᠮᠲᠡᠬᠦ ᠵᠠᠷᠯᠢᠭ ᠦᠭᠴᠤ᠂ ᠬᠤᠶᠢᠨᠠ ᠲᠠᠯᠠ ᠠᠴᠠ 5 ᠮᠢᠩᠭᠠᠠ ᠮᠧᠲᠷ ᠲᠤᠭᠤᠷᠢᠨ ᠨᠢᠰᠦᠭᠡᠳ ᠲᠡᠭᠷᠢ ᠶᠢᠨ | ᠤᠷᠲᠤᠨ ᠬᠤᠶᠠᠲᠤᠭᠠᠷ ᠤᠨ ᠡᠮᠦᠨᠡᠭᠦᠷ 5 ᠮᠢᠩᠭᠠᠠ ᠮᠧᠲᠷ ᠲᠤ ᠨᠢᠰᠦᠨ ᠬᠦᠷᠴᠠᠢ᠃ ᠡᠨᠡ ᠬᠤᠭᠤᠴᠠᠭᠠᠠ ᠳᠤ᠂ ᠲᠡᠭᠷᠢ ᠶᠢᠨ | ᠵᠠᠪᠢ ᠨᠢᠭᠡᠲᠦᠭᠡᠷ 180 ᠭᠷᠠᠲᠦ᠋ᠰ ᠭᠡᠯᠪᠠᠶᠢᠨ ᠤᠬᠤᠷᠢᠠ ᠨᠢᠰᠴᠤ᠂ ᠲᠡᠭᠷᠢ ᠶᠢᠨ ᠤᠷᠲᠤᠨ ᠬᠤᠶᠠᠲᠤᠭᠠᠷ 180 ᠭᠷᠠᠲᠦ᠋ᠰ | ᠬᠡᠯᠪᠠᠶᠢᠵᠦ᠂ ᠡᠷᠬᠢᠵᠦ ᠵᠦᠪ ᠴᠢᠭᠯᠡᠯ ᠢᠶᠠᠷ ᠨᠢᠰᠦᠭᠰᠡᠡ ᠪᠠᠶᠢᠨᠠ᠃ | ᠲᠤᠭᠤᠷᠢᠨ ᠨᠢᠰᠬᠦ ᠲᠤᠷᠰᠢᠯᠲᠠ ᠶᠢ ᠪᠡᠶᠡᠯᠡᠭᠦᠯᠦᠭᠰᠡᠡ ᠤ ᠲᠠᠷᠠᠭᠠ᠂ ᠲᠡᠭᠷᠢ ᠶᠢᠨ ᠵᠠᠪᠢ ᠨᠢᠭᠡᠲᠦᠭᠡᠷ ᠪᠤᠯᠤᠨ ᠲᠡᠭᠷᠢ ᠶᠢᠨ | ᠤᠷᠲᠤᠨ ᠬᠤᠶᠠᠲᠤᠭᠠᠷ ᠬᠤᠶᠠᠲᠠᠬᠢ ᠤᠲᠠᠭᠠᠠ ᠤ ᠵᠤᠯᠭᠠᠵᠤ ᠵᠠᠯᠭᠠᠭᠤᠯᠬᠤ ᠲᠤᠷᠰᠢᠯᠲᠠ ᠬᠢᠭᠰᠡᠡ ᠪᠠᠶᠢᠨᠠ᠃ ᠲᠡᠭᠷᠢ ᠶᠢᠨ ᠵᠠᠪᠢ | ᠨᠢᠭᠡᠳᠦᠭᠡᠷ ᠡᠮᠦᠨᠡᠰᠢ ᠪᠠᠨ 5 ᠮᠢᠩᠭᠠᠠ ᠮᠧᠲᠷ ᠲᠠᠬᠢ ᠵᠤᠭᠰᠤᠬᠤ ᠴᠡᠭ ᠲᠡᠭᠡᠷᠠ ᠪᠠᠨ ᠬᠦᠷᠴᠤ᠂ ᠠᠯᠬᠤᠮ ᠠᠯᠬᠤᠮ ᠢᠶᠠᠷ | ᠡᠮᠦᠨᠡᠰᠢ ᠪᠠᠨ 30 ᠮᠧᠲᠷ ᠠᠬᠢᠵᠦ᠂ ᠲᠠᠷᠠᠭᠠ ᠨᠢ ᠲᠡᠭᠷᠢ ᠶᠢᠨ ᠤᠷᠲᠤᠨ ᠬᠤᠶᠠᠲᠤᠭᠠᠷ ᠤᠨ ᠵᠠᠯᠭᠠᠭᠤᠯᠬᠤ ᠪᠠᠶᠢᠭᠤᠯᠤᠮᠵᠢ ᠲᠠᠢ | ᠤᠢᠢᠷᠠᠲᠤᠯᠴᠠᠵᠦ᠂ ᠵᠠᠯᠭᠠᠭᠤᠯᠬᠤ ᠲᠤᠷᠰᠢᠯᠲᠠ ᠪᠠᠨ ᠪᠡᠶᠡᠯᠡᠭᠦᠯᠦᠭᠰᠡᠡ ᠪᠠᠶᠢᠨᠠ᠃ | ᠡᠨᠡ ᠤᠲᠠᠭᠠᠠ ᠤ ᠲᠤᠷᠰᠢᠯᠲᠠ ᠶᠢ ᠠᠮᠵᠢᠯᠲᠠ ᠲᠠᠢ ᠪᠡᠶᠡᠯᠡᠭᠦᠯᠦᠭᠰᠡᠡ ᠨᠢ ᠰᠠᠠᠰᠠᠷ ᠤᠨ ᠨᠢᠰᠦᠭᠦᠷ ᠤᠨ ᠤᠯᠠᠠ | ᠲᠠᠯᠠ ᠪᠠᠷ ᠤᠭᠲᠠᠷᠭᠤᠢ ᠳᠠᠬᠢ ᠵᠤᠯᠭᠠᠵᠤ ᠵᠠᠯᠭᠠᠭᠤᠯᠬᠤ ᠮᠡᠷᠭᠡᠵᠢᠯ ᠢ ᠪᠠᠬᠢᠵᠢᠭᠦᠯᠵᠠᠢ᠂ ᠡᠨᠡ ᠨᠢ ᠲᠠᠷᠠᠭᠠᠴᠢ ᠶᠢᠨ ᠤᠭᠲᠠᠷᠭᠤᠢ ᠶᠢᠨ | ᠦᠷᠲᠡᠭᠡ ᠶᠢᠨ ᠢᠨᠵᠧᠨᠧᠷᠢᠩ ᠤᠨ ᠪᠠᠶᠢᠭᠤᠯᠤᠯᠲᠠ ᠳᠤ ᠴᠢᠬᠤᠯᠠ ᠠᠴᠢ ᠬᠤᠯᠪᠤᠭᠲᠠᠯ ᠲᠠᠢ ᠪᠢᠯᠡ᠃ | |