ᠲᠦᠷᠦᠬᠦᠬᠡᠨ ᠳᠤ᠂ ᠤᠳᠤᠬ ᠬᠤᠰᠢᠭᠤᠨ ᠤ 800 ᠺᠢᠯᠦᠭᠷᠠᠮ ᠤᠷᠢᠶᠠᠮᠠᠬ ᠵᠠᠮᠠᠬ ᠤᠯᠤᠰ ᠤᠨ ᠰᠢᠯᠭᠠᠨ ᠪᠠᠶᠢᠴᠠᠭᠠᠬᠤ | ᠬᠢᠵᠢᠭ ᠪᠠᠶᠢᠴᠠᠭᠠᠬᠤ ᠰᠠᠯᠠᠭᠠ ᠮᠦᠴᠢᠷ ᠤᠨ ᠰᠢᠯᠭᠠᠨ ᠪᠠᠶᠢᠴᠠᠭᠠᠯᠳᠠ ᠶᠢ ᠦᠩᠬᠡᠷᠡᠭᠡᠵᠦ᠂ ᠠᠩᠬᠠ ᠤᠳᠠᠭᠠ ᠲᠤᠮᠳᠠᠳᠤ | ᠡᠧᠦ᠋ᠷᠤᠫᠠ ᠶᠢᠨ ᠵᠢᠰᠢᠶᠠᠨ ᠤ ᠭᠠᠯᠳᠤ ᠲᠡᠷᠭᠡ ᠳᠤ ︽ᠰᠠᠭᠠᠳᠠᠠ︾ ᠭᠧᠷᠮᠠᠨ ᠤ ᠹᠷᠠᠨᠺᠹᠦᠷᠲ ᠲᠤ ᠬᠦᠷᠴᠠᠢ᠃ | ᠤᠲᠤᠬ ᠬᠤᠰᠢᠭᠤᠨ ᠤ ᠤᠷᠢᠶᠠᠮᠠᠬ ᠵᠠᠮᠠᠬ ᠤᠨ ᠶᠠᠰᠤ ᠴᠢᠨᠠᠷ ᠤᠨ ᠠᠮᠤᠷ ᠲᠦᠪᠰᠢᠨ ᠤ ᠵᠢᠱᠢᠶᠠ ᠦᠵᠡᠬᠦᠯᠬᠦ | ᠲᠤᠭᠤᠷᠢᠬ ᠪᠤᠯ ᠮᠠᠨ ᠤ ᠤᠯᠤᠰ ᠤᠨ ᠴᠤᠷ ᠤᠨ ᠭᠠᠭᠴᠠ ᠤᠯᠤᠰ ᠤᠨ ᠲᠡᠰ ᠤᠨ ᠶᠠᠰᠤ ᠴᠢᠨᠠᠷ ᠤᠨ ᠠᠮᠤᠷ ᠲᠦᠪᠰᠢᠨ ᠤ ᠵᠢᠱᠢᠶᠠ | ᠦᠵᠡᠬᠦᠯᠬᠦ ᠲᠤᠭᠤᠷᠢᠬ ᠪᠠᠶᠢᠵᠦ᠂ ᠤᠷᠢᠶᠠᠮᠠᠬ ᠵᠠᠮᠠᠬ ᠤᠨ ᠭᠠᠳᠠᠭᠠᠳᠤ ᠭᠠᠷᠭᠠᠯᠳᠠ ᠶᠢᠨ ᠬᠡᠮᠵᠢᠶᠠ ᠨᠢ ᠪᠦᠬᠦ ᠤᠯᠤᠰ ᠲᠤ | ᠲᠦᠷᠦᠬᠦᠯᠡᠵᠦ ᠪᠤᠢ᠃ ᠤᠳᠤᠬ ᠬᠤᠰᠢᠭᠤᠨ ᠤ ᠴᠠᠭᠠᠨᠨᠠᠭᠤᠷ ᠤᠨ PH ᠬᠡᠮᠵᠢᠭᠳᠡᠯ ᠨᠢ 9 ᠠᠴᠠ ᠲᠡᠭᠡᠭᠰᠢ ᠪᠠᠶᠢᠳᠠᠬ ᠢᠶᠠᠷ ᠢᠶᠠᠨ | ᠠᠹᠷᠢᠺᠠ ᠲᠢᠪ ᠤᠨ ᠴᠠᠳ᠋ ᠨᠠᠭᠤᠷ᠂ ᠮᠧᠺᠰᠢᠺᠦ ᠶᠢᠨ ᠲᠠᠰᠺᠧᠺᠧ ᠨᠠᠭᠤᠷ ᠲᠠᠢ ᠬᠠᠮᠳᠤ ᠲᠡᠯᠡᠬᠡᠢ ᠲᠡᠬᠡᠷᠡᠬᠢ ᠤᠷᠢᠶᠠᠮᠠᠬ ᠵᠠᠮᠠᠬ ᠤᠨ | ᠦᠷᠠ ᠪᠤᠶᠢᠵᠢᠭᠤᠯᠬᠤ ᠭᠤᠷᠪᠠᠨ ᠶᠡᠭᠡ ᠪᠠᠶᠢᠭᠠᠯᠢ ᠶᠢᠨ ᠬᠤᠵᠢᠷᠳᠤ ᠨᠠᠭᠤᠷ ᠬᠡᠮᠡᠭᠳᠡᠵᠡᠢ᠃ 1996 ᠤᠨ ᠳᠤ᠂ ᠦᠪᠦᠷ | ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠫᠷᠤᠹᠧᠰᠰᠤᠷ ᠴᠢᠶᠤᠤ ᠵᠧᠨ ᠰᠤᠳᠤᠯᠭᠠᠨ ᠤ ᠲᠤᠭᠤᠢᠢᠯᠠᠩ ᠲᠠᠭᠠᠭᠤᠯᠤᠨ | ᠤᠷᠳᠤᠰ ᠤᠨ ᠡᠯᠡᠰᠦᠷᠬᠡᠭ ᠤᠷᠤᠨ ᠳᠤ ᠰᠢᠨᠵᠢᠯᠡᠨ ᠪᠠᠶᠢᠴᠠᠭᠠᠯᠳᠠ ᠬᠢᠬᠦ ᠶᠠᠪᠤᠴᠠ ᠳᠤ ᠤᠳᠤᠬ ᠬᠤᠰᠢᠭᠤᠨ ᠤ ᠴᠠᠭᠠᠨᠨᠠᠭᠤᠷ ᠠᠴᠠ | ᠪᠠᠶᠢᠭᠠᠯᠢᠯᠢᠭ ᠤᠷᠢᠶᠠᠮᠠᠬ ᠵᠠᠮᠠᠬ ᠢ ᠠᠩᠬᠠ ᠢᠯᠡᠷᠡᠬᠦᠯᠦᠭᠰᠡᠨ ᠶᠤᠮ᠃ ᠴᠠᠭᠠᠨᠨᠠᠭᠤᠷ ᠤᠨ ᠤᠷᠢᠶᠠᠮᠠᠬ ᠵᠠᠮᠠᠬ ᠨᠢ 22 | ᠨᠡᠬᠦᠷᠡᠰᠦᠳᠦ᠋ᠷᠦᠭᠴᠢ 6 ᠠᠯᠺᠧᠨ ᠬᠦᠴᠢᠯ ᠡᠯᠪᠡᠭ ᠠᠭᠤᠯᠵᠦ᠂ ᠲᠡᠯᠡᠬᠡᠢ ᠶᠢᠨ ᠭᠤᠷᠪᠠᠨ ᠶᠡᠭᠡ ᠤᠷᠢᠶᠠᠮᠠᠬ ᠵᠠᠮᠠᠬ ᠤᠨ | ᠲᠦᠷᠦᠬᠦᠨ ᠳᠤ ᠤᠷᠤᠳᠠᠬ ᠪᠠᠶᠢᠨᠠ᠃ | ᠤᠳᠤᠬ ᠬᠤᠰᠢᠭᠤ 2003 ᠤᠨ ᠠᠴᠠ ᠡᠬᠢᠯᠡᠨ ᠤᠷᠢᠶᠠᠮᠠᠬ ᠵᠠᠮᠠᠬ ᠢ ᠲᠤᠷᠰᠢᠨ ᠪᠤᠶᠢᠵᠢᠭᠤᠯᠤᠬᠰᠠᠨ ᠢᠶᠠᠨ 2009 | ᠤᠨ ᠠᠴᠠ 4000 ᠮᠦ ᠶᠢᠨ ᠤᠳᠤᠬ ᠬᠤᠰᠢᠭᠤᠨ ᠤ ᠤᠷᠢᠶᠠᠮᠠᠬ ᠵᠠᠮᠠᠬ ᠤᠨ ᠠᠵᠦ ᠦᠢᠯᠡᠰ ᠤᠨ ᠬᠦᠷᠢᠶᠡᠯᠡᠩ ᠲᠤᠭᠤᠷᠢᠬ ᠢ | ᠡᠬᠢᠯᠡᠨ ᠪᠠᠶᠢᠭᠤᠯᠵᠦ᠂ ᠤᠳᠤ 26 ᠠᠵᠦ ᠠᠬᠤᠢᠢᠯᠠᠯ ᠲᠠᠢ ᠪᠤᠯᠤᠭᠠᠳ ᠤᠷᠢᠶᠠᠮᠠᠬ ᠵᠠᠮᠠᠬ ᠤᠨ ᠦᠢᠯᠡᠳᠪᠦᠷᠢᠯᠡᠯ ᠤᠨ | ᠴᠢᠳᠠᠪᠤᠷᠢ ᠨᠢ 3500 ᠲᠤᠨ ᠳᠤ ᠬᠦᠷᠴᠤ᠂ ᠪᠦᠬᠦ ᠤᠯᠤᠰ ᠤᠨ ᠤᠷᠢᠶᠠᠮᠠᠬ ᠵᠠᠮᠠᠬ ᠤᠨ ᠦᠢᠯᠡᠳᠪᠤᠷᠢᠯᠡᠯ ᠤᠨ ᠶᠡᠷᠦᠩᠬᠡᠢ | ᠬᠡᠮᠵᠢᠶᠠ ᠶᠢᠨ 40% ᠠᠴᠠ ᠲᠡᠭᠡᠭᠰᠢ ᠶᠢ ᠡᠵᠡᠯᠡᠵᠠᠢ᠃ ᠡᠨᠡ ᠵᠢᠯ ᠤᠨ 3 ᠰᠠᠷᠠ ᠳᠤ᠂ ᠤᠳᠤᠬ ᠬᠤᠰᠢᠭᠤᠨ ᠤ ᠵᠠᠰᠠᠬ ᠤᠨ | ᠤᠷᠳᠤᠨ ᠵᠦᠩ ᠯᠢᠶᠠᠩ ᠪᠦᠯᠦᠭᠯᠡᠯ ᠤᠨ ᠵᠦᠩ ᠴᠠ ᠷᠦᠩ ᠲᠦᠩ ᠺᠤᠮᠫᠠᠨᠢ ᠬᠢᠬᠡᠳ ᠰᠢᠨ ᠢᠤᠢ ᠯᠢ ᠤᠷᠢᠶᠠᠮᠠᠬ ᠵᠠᠮᠠᠬ ᠤᠨ | ᠦᠢᠯᠡᠰ ᠤᠨ ᠪᠦᠯᠦᠭᠯᠡᠯ ᠲᠠᠢ ᠪᠠᠶᠢᠯᠳᠤᠬᠤ ᠪᠤᠳᠤᠯᠭᠠ ᠶᠢᠨ ᠬᠠᠮᠳᠤᠷᠠᠯᠴᠠᠭᠠᠨ ᠤ ᠬᠡᠯᠡᠯᠴᠡᠬᠡᠷ ᠲᠤᠭᠳᠠᠵᠦ᠂ ᠲᠠᠷᠠᠭᠠᠴᠢ ᠪᠠᠷ ᠴᠠᠢ | ᠪᠠ ᠤᠷᠢᠶᠠᠮᠠᠬ ᠵᠠᠮᠠᠬ ᠤᠨ ᠨᠡᠶᠢᠯᠡᠯ ᠦᠢᠯᠡᠳᠬᠦᠨ ᠢ ᠰᠤᠳᠤᠯᠤᠨ ᠦᠢᠯᠡᠳᠪᠦᠷᠢᠯᠡᠵᠦ ᠪᠤᠷᠤᠯᠠᠭᠤᠯᠬᠤ ᠵᠡᠷᠬᠡ ᠲᠠᠯᠠ ᠪᠠᠷ ᠬᠦᠨᠵᠡᠬᠡᠢ | ᠬᠠᠮᠳᠤᠷᠠᠯᠴᠠᠭᠠ ᠦᠷᠨᠢᠬᠦᠯᠬᠦ ᠪᠠᠷ ᠲᠤᠬᠳᠠᠪᠠ᠃ ᠵᠢᠱᠢᠯᠳᠡ ᠪᠠᠷ᠂ 2020 ᠤᠨ ᠪᠤᠯᠬᠤ ᠳᠤ ᠤᠳᠤᠬ ᠬᠤᠰᠢᠭᠤᠨ ᠤ | ᠤᠷᠢᠶᠠᠮᠠᠬ ᠵᠠᠮᠠᠬ ᠤᠨ ᠦᠢᠯᠡᠳᠪᠦᠷᠢᠯᠡᠯ ᠤᠨ ᠴᠢᠳᠠᠪᠤᠷᠢ 6000 ᠲᠤᠨ ᠳᠤ ᠬᠦᠷᠬᠦ ᠪᠤᠯᠤᠨᠠ᠃ | |