2017 ᠤᠨ ᠤ ︽ᠴᠡᠷᠢᠭ ᠤᠨ ᠰᠤᠷᠭᠠᠭᠤᠯᠢ ᠶᠢᠨ ᠰᠤᠷᠤᠭᠴᠢ ᠡᠯᠰᠡᠬᠦ ᠪᠡᠶᠠ ᠮᠠᠬᠠᠪᠤᠳ ᠤᠨ ᠪᠠᠶᠢᠴᠠᠭᠠᠯᠳᠠ ᠶᠢᠨ | ᠪᠠᠷᠢᠮᠵᠢᠶᠠ︾ ᠰᠢᠨᠡ ᠪᠠᠷ ᠭᠠᠷᠴᠤ᠂ ᠦᠪᠡᠷᠳᠡᠬᠡᠨ ᠵᠠᠰᠠᠬᠤ ᠤᠷᠤᠨ ᠤ ᠰᠤᠷᠭᠠᠨ ᠬᠦᠮᠦᠵᠢᠯ ᠤᠨ ᠰᠤᠷᠤᠭᠴᠢ ᠡᠯᠰᠡᠬᠦ | ᠲᠦᠪ ᠤᠨ ᠬᠢᠨ ᠠᠯᠪᠠᠨ ᠤ ᠵᠢᠷᠬᠢᠶᠠ ᠳᠡᠭᠡᠨ ᠨᠡᠶᠢᠳᠡᠯᠡᠵᠦ ᠳᠠᠶᠢᠯᠤᠮᠵᠢ ᠬᠢᠭᠰᠡᠨ ᠪᠠᠶᠢᠨᠠ᠃ ᠴᠡᠷᠢᠭ ᠤᠨ ᠶᠡᠭᠡ ᠳᠡᠬᠡᠳᠤ | ᠰᠤᠷᠭᠠᠭᠤᠯᠢ ᠳᠤ ᠡᠷᠡᠮᠡᠯᠵᠡᠯ ᠳᠠᠭᠯᠠᠬᠤ ᠬᠦᠰᠡᠯ ᠲᠠᠢ ᠰᠢᠯᠭᠠᠭᠤᠯᠤᠭᠴᠢ ᠰᠢᠨᠠ ᠪᠠᠷᠢᠮᠵᠢᠶᠠ ᠶᠤᠰᠤᠭᠠᠷ ᠨᠡᠷᠠ ᠮᠡᠳᠡᠬᠦᠯᠬᠦ | ᠴᠢᠬᠤᠯᠠ ᠲᠠᠢ᠃ | ᠳᠠᠨᠢᠯᠴᠠᠭᠤᠯᠤᠭᠰᠠᠨ ᠢᠶᠠᠷ᠂ ︽ᠴᠡᠷᠢᠭ ᠲᠤ ᠳᠠᠳᠠᠪᠤᠷᠢᠯᠠᠬᠤ ᠠᠷᠠᠳ ᠢᠷᠬᠡᠳ ᠤᠨ ᠪᠡᠶᠠ ᠶᠢᠨ ᠪᠠᠶᠢᠴᠠᠭᠠᠯᠳᠠ ᠶᠢᠨ | ᠪᠠᠷᠢᠮᠵᠢᠶᠠ︾ ᠶᠢ ᠦᠨᠳᠦᠰᠦᠯᠡᠵᠦ᠂ ᠬᠠᠮᠢᠶᠠ ᠪᠦᠬᠦᠢ ᠰᠠᠯᠠᠭᠠ ᠮᠦᠴᠢᠷ ᠠᠴᠠ ᠰᠢᠨᠠ ︽ᠪᠠᠷᠢᠮᠵᠢᠶᠠ︾ ᠶᠢ ᠳᠤᠭᠳᠠᠭᠠᠵᠤ᠂ | 2017 ᠤᠨ ᠤ 1 ᠰᠠᠷᠠ ᠶᠢᠨ 1 ᠠᠴᠠ ᠡᠬᠢᠯᠡᠨ ᠬᠡᠷᠡᠭᠵᠢᠬᠦᠯᠵᠦ᠂ 2006 ᠤᠨ ᠤ 4 ᠰᠠᠷᠠ ᠶᠢᠨ 4 ᠤ ᠡᠳᠦᠷ | ᠨᠡᠶᠢᠳᠡᠯᠡᠭᠰᠡᠨ ︽ᠴᠡᠷᠢᠭ ᠤᠨ ᠰᠤᠷᠭᠠᠭᠤᠯᠢ ᠶᠢᠨ ᠰᠤᠷᠤᠭᠴᠢ ᠡᠯᠰᠡᠬᠦ ᠪᠡᠶᠠ ᠮᠠᠬᠠᠪᠤᠳ ᠤᠨ ᠪᠠᠶᠢᠴᠠᠭᠠᠯᠳᠠ ᠶᠢᠨ ᠪᠠᠷᠢᠮᠵᠢᠶᠠ︾ ᠶᠢ | ᠬᠦᠴᠦᠨ ᠦᠬᠡᠢ ᠪᠤᠯᠭᠠᠭᠰᠠᠨ ᠪᠠᠶᠢᠨᠠ᠃ ᠰᠢᠨᠡ ᠪᠠᠷ ᠵᠠᠰᠠᠪᠤᠷᠢ ᠤᠷᠤᠭᠤᠯᠤᠭᠰᠠᠨ ︽ᠪᠠᠷᠢᠮᠵᠢᠶᠠ︾ 10 ᠪᠦᠯᠦᠭ᠂ 68 | ᠵᠦᠢᠯ ᠪᠤᠢ᠃ ᠤᠤᠯ ᠤᠨ ︽ ᠪᠠᠷᠢᠮᠵᠢᠶᠠ︾ ᠳᠤ 11 ᠵᠦᠢᠯ ᠨᠡᠮᠡᠵᠦ᠂ ᠠᠭᠤᠯᠭᠠ ᠶᠢᠨ ᠬᠤᠪᠢ ᠳᠤ ᠶᠡᠭᠡ ᠳᠤᠬᠢᠷᠠᠭᠤᠯᠤᠯᠳᠠ | ᠬᠢᠵᠦ᠂ ᠵᠢᠷᠦᠬᠡᠨ ᠤ ᠬᠡᠳᠤ ᠳᠤᠯᠬᠢᠶᠠᠨ᠂ ᠴᠢᠰᠤᠨ ᠴᠠᠶᠢᠪᠠᠩ ᠤᠨ ᠪᠤᠯᠴᠢᠩ ᠤᠨ ᠢᠰᠦᠯ᠂ ᠴᠢᠰᠤᠨ ᠴᠠᠶᠢᠪᠠᠩ ᠤᠨ ᠰᠢᠬᠡᠰᠦᠨ ᠤ | ᠡᠳ᠋᠂ ᠦᠯᠦᠨ ᠢᠶᠠᠷ ᠴᠢᠰᠤᠨ ᠰᠢᠬᠢᠷ ᠪᠠᠶᠢᠴᠠᠭᠠᠬᠤ ᠪᠠ ᠡᠮᠡᠭᠳᠡᠢ ᠶᠢᠨ ᠰᠠᠯᠠᠭᠠ ᠶᠢᠨ ᠬᠡᠳᠦ ᠳᠤᠯᠬᠢᠶᠠᠨ ᠤ ᠪᠠᠶᠢᠴᠠᠭᠠᠯᠳᠠ ᠵᠡᠷᠬᠡ | 5 ᠵᠦᠢᠯ ᠤᠨ ᠪᠠᠶᠢᠴᠠᠭᠠᠯᠳᠠ ᠶᠢ ᠨᠡᠮᠡᠵᠦ᠂ ᠬᠤᠶᠠᠭᠳᠤ᠂ ᠬᠡᠮᠵᠢᠨ ᠵᠢᠷᠤᠬᠤ᠂ ᠤᠰᠤᠨ ᠳᠡᠬᠡᠷᠡᠬᠢ ᠤᠩᠭᠤᠴᠠ᠂ ᠱᠤᠩᠭᠤᠯ | ᠤᠩᠭᠤᠴᠠ᠂ ᠰᠢᠬᠦᠷ ᠢᠶᠠᠷ ᠪᠠᠭᠤᠬᠤ᠂ ᠷᠠᠳᠠᠷ ᠪᠠ ᠤᠨᠴᠠ ᠲᠦᠷᠦᠯ ᠤᠨ ᠪᠠᠶᠢᠯᠳᠤᠭᠠᠨ ᠵᠡᠷᠬᠡ ᠤᠨᠴᠠᠭᠠᠢ ᠳᠤᠰᠬᠠᠢ | ᠮᠡᠷᠬᠡᠵᠢᠯ ᠤᠨ ᠪᠡᠶᠠ ᠶᠢᠨ ᠦᠨᠳᠦᠷ᠂ ᠨᠢᠳᠤᠨ ᠬᠠᠷᠠᠭᠠ᠂ ᠦᠶᠠ ᠬᠡᠰᠢᠬᠦᠤ᠂ ᠵᠢᠷᠦᠬᠡ ᠴᠢᠰᠤᠨ ᠰᠤᠳᠠᠯ᠂ ᠴᠢᠬᠢ ᠬᠠᠮᠠᠷ | ᠬᠤᠭᠤᠯᠠᠢ ᠠᠮᠠᠠ ᠬᠦᠨᠳᠡᠢ ᠵᠡᠷᠬᠡ ᠲᠦᠷᠦᠯ ᠤᠨ ᠬᠢᠷᠢ ᠳᠡᠩᠴᠡᠬᠦ ᠪᠠᠷᠢᠮᠵᠢᠶᠠ ᠶᠢ ᠨᠠᠷᠢᠯᠢᠭᠵᠢᠭᠤᠯᠤᠨ ᠳᠤᠳᠤᠷᠬᠠᠢᠢᠯᠠᠵᠤ᠂ ᠤᠢᠢᠷᠠ | ᠬᠠᠷᠠᠭᠠ ᠪᠠᠨ ᠵᠠᠰᠠᠭᠰᠠᠨ᠂ ᠬᠡᠷᠡᠯ ᠤᠨ ᠨᠤᠭᠤᠷᠠᠯᠳᠠ ᠨᠢ ᠳᠡᠭᠰᠢ ᠪᠤᠰᠤ ᠪᠠᠨ ᠵᠠᠰᠠᠬᠤ ᠮᠡᠰᠡ ᠵᠠᠰᠠᠯ ᠬᠢᠭᠰᠡᠨ ᠤ ᠳᠠᠷᠠᠭᠠᠬᠢ | ᠪᠠᠶᠢᠴᠠᠭᠠᠯᠳᠠ ᠶᠢᠨ ᠲᠦᠷᠦᠯ ᠵᠦᠢᠯ ᠢ ᠨᠡᠮᠡᠵᠡᠢ᠃ ᠡᠮᠡᠭᠳᠡᠢ ᠰᠤᠷᠤᠭᠴᠢ ᠡᠯᠰᠡᠬᠦ ᠬᠢᠷᠢ ᠳᠡᠩᠴᠡᠬᠦ ᠦᠬᠡᠢ ᠪᠠᠷᠢᠮᠵᠢᠶᠠ ᠶᠢ 7 | ᠵᠦᠢᠯ ᠨᠡᠮᠡᠵᠦ᠂ ᠪᠡᠶᠠ ᠪᠠᠨ ᠰᠢᠪᠡᠭᠰᠡᠨ᠂ ᠰᠢᠷᠬᠠ ᠰᠤᠷᠪᠢ ᠶᠢᠨ ᠪᠠᠶᠢᠭᠠ ᠭᠠᠵᠠᠷ ᠪᠠ ᠶᠡᠭᠡ ᠪᠠᠭᠠ ᠶᠢᠨ ᠬᠢᠵᠠᠭᠠᠷᠯᠠᠯ ᠳᠤ | ᠳᠤᠬᠢᠷᠠᠭᠤᠯᠤᠯᠳᠠ ᠬᠢᠵᠦ ᠨᠡᠩ ᠠᠭᠤᠵᠢᠭᠤ ᠪᠤᠯᠭᠠᠵᠤ᠂ ᠬᠠᠯᠳᠠᠪᠤᠷᠢᠳᠤ ᠴᠢᠨᠠᠷᠳᠠᠢ ᠨᠦᠢᠳᠠᠨ ᠬᠠᠮᠠᠭᠤ ᠲᠠᠢ ᠬᠦᠮᠦᠰ ᠲᠠᠢ | ᠤᠢᠢᠷᠠᠳᠤᠯᠴᠠᠭᠰᠠᠨ ᠡᠰᠡᠬᠦ᠂ ᠳᠡᠷᠬᠡᠨ ᠳᠡᠬᠡᠷᠡ ᠳᠤᠷᠠ ᠪᠤᠯᠬᠢᠬᠤ᠂ ᠤᠩᠭᠤᠴᠠᠨ ᠳᠡᠬᠡᠷᠡ ᠳᠤᠷᠠ ᠪᠤᠯᠬᠢᠬᠤ᠂ ᠤᠳᠠᠭᠠᠨ ᠴᠢᠨᠠᠷᠳᠠᠢ | ᠬᠠᠮᠠᠷ ᠤᠨ ᠦᠷᠪᠢᠰᠦᠯ ᠵᠡᠷᠬᠡ ᠪᠠᠶᠢᠴᠠᠭᠠᠯᠳᠠ ᠶᠢ ᠬᠠᠰᠤᠵᠠᠢ᠃ | ᠬᠠᠮᠢᠶᠠ ᠪᠦᠬᠦᠢ ᠰᠠᠯᠠᠭᠠ ᠮᠦᠴᠢᠷ ᠤᠨ ᠬᠠᠷᠢᠭᠤᠴᠠᠯᠭᠠᠨᠳᠠᠨ ᠤ ᠳᠠᠨᠢᠯᠴᠠᠭᠤᠯᠤᠭᠰᠠᠨ ᠢᠶᠠᠷ᠂ ᠰᠢᠨᠡ ︽ᠪᠠᠷᠢᠮᠵᠢᠶᠠ︾ | ᠨᠢ ᠶᠡᠷᠦᠳᠡ ᠶᠢᠨ ᠪᠡᠶᠠ ᠮᠠᠬᠠᠪᠤᠳ ᠤᠨ ᠵᠢᠭᠠᠯᠳᠠ ᠳᠤᠭᠠ᠂ ᠪᠡᠶᠠ ᠮᠠᠬᠠᠪᠤᠳ ᠤᠨ ᠴᠢᠳᠠᠪᠤᠷᠢ ᠶᠢ ᠨᠦᠯᠦᠬᠡᠯᠡᠬᠦ ᠦᠬᠡᠢ | ᠳᠤᠳᠠᠭᠳᠠᠯ᠂ ᠴᠡᠷᠢᠭ ᠠᠩᠬᠢ ᠳᠤ ᠪᠠᠶᠢᠯᠳᠤᠭᠠᠨ ᠬᠢᠬᠦ ᠶᠢ ᠨᠦᠯᠦᠬᠡᠯᠡᠬᠦ ᠦᠬᠡᠢ ᠤᠷᠢᠳᠠᠯ ᠳᠤᠤᠷᠠ ᠱᠠᠭᠠᠷᠳᠠᠯᠭᠠ ᠶᠢ ᠠᠭᠤᠵᠢᠭᠤ | ᠪᠤᠯᠭᠠᠨᠠ︔ ᠬᠠᠯᠳᠠᠪᠤᠷᠢᠳᠤ ᠴᠢᠨᠠᠷᠳᠠᠢ ᠡᠪᠡᠳᠴᠢᠨ᠂ ᠤᠳᠤᠮᠯᠠᠯ ᠤᠨ ᠡᠪᠡᠳᠴᠢᠨ᠂ ᠪᠡᠶᠠ ᠮᠠᠬᠠᠪᠤᠳ ᠤᠨ ᠴᠢᠳᠠᠪᠤᠷᠢ ᠶᠢ | ᠨᠦᠯᠦᠬᠡᠯᠡᠬᠦ ᠳᠤᠳᠠᠭᠳᠠᠯ ᠵᠢᠴᠢ ᠴᠡᠷᠢᠭ ᠤᠨ ᠶᠠᠪᠤᠳᠠᠯ ᠤᠨ ᠤᠷᠴᠢᠨ ᠳᠤᠭᠤᠷᠢᠨ ᠳᠤ ᠳᠠᠳᠬᠤ ᠦᠬᠡᠢ ᠪᠠ ᠬᠠᠷᠢᠭᠤᠴᠠᠯᠭᠠ ᠪᠠᠨ | ᠬᠦᠢᠴᠡᠳᠬᠡᠬᠦ ᠳᠤ ᠢᠯᠡᠷᠡᠬᠦ ᠪᠡᠶᠠ ᠰᠡᠳᠬᠢᠴᠡ ᠶᠢᠨ ᠡᠪᠡᠳᠴᠢᠨ ᠢ ᠤᠯᠠᠮ ᠴᠢᠨᠠᠭᠰᠢᠳᠠ ᠴᠢᠩᠭᠠ ᠪᠠᠷᠢᠮᠵᠢᠶᠠᠵᠢᠭᠤᠯᠤᠨᠠ᠃ | ᠴᠡᠷᠢᠭ ᠠᠩᠬᠢ᠂ ᠵᠡᠪᠰᠡᠭᠳᠤ ᠴᠠᠭᠳᠠᠭᠠ ᠶᠢᠨ ᠴᠡᠷᠢᠭ ᠠᠩᠬᠢ ᠶᠢᠨ ᠶᠡᠭᠡ ᠳᠡᠬᠡᠳᠤ ᠰᠤᠷᠭᠠᠭᠤᠯᠢ ᠴᠡᠷᠢᠭ ᠡᠯᠰᠡᠬᠦ᠂ | ᠡᠩ ᠤᠨ ᠠᠩᠬᠠ ᠳᠤᠮᠳᠠᠳᠤ᠂ ᠦᠨᠳᠦᠷ ᠳᠤᠮᠳᠠᠳᠤ ᠳᠡᠬᠦᠰᠦᠭᠰᠡᠨ ᠰᠤᠷᠤᠭᠴᠢ ᠪᠠ ᠤᠷᠤᠨ ᠨᠤᠳᠤᠭ ᠤᠨ ᠠᠰᠫᠢᠷᠠᠨᠲ ᠡᠯᠰᠡᠬᠦ᠂ | ᠤᠯᠤᠰ ᠤᠨ ᠪᠠᠳᠤᠯᠠᠨ ᠬᠠᠮᠠᠭᠠᠯᠠᠯᠳᠠ ᠶᠢᠨ ᠰᠤᠷᠤᠭᠴᠢ ᠡᠯᠰᠡᠬᠦ ᠵᠢᠴᠢ ᠡᠩ ᠤᠨ ᠶᠡᠭᠡ ᠳᠡᠬᠡᠳᠤ ᠳᠡᠬᠦᠰᠬᠦ ᠰᠤᠷᠤᠭᠴᠢ ᠠᠴᠠ | ᠴᠡᠷᠢᠭ ᠡᠯᠰᠡᠬᠦ ᠳᠤ ᠰᠢᠨᠡ ︽ᠪᠠᠷᠢᠮᠵᠢᠶᠠ︾ ᠶᠢ ᠬᠡᠷᠡᠭᠯᠡᠨᠡ᠃ | |