ᠡᠯᠵᠢᠭᠡ ᠭᠡᠵᠦ ᠲᠠᠪᠤᠨ ᠬᠤᠰᠢᠭᠤ ᠮᠠᠯ ᠳ᠋ᠤ ᠪᠠᠬᠲᠠᠲᠠᠭ ᠦᠭᠡᠢ᠂ ᠭᠡᠪᠡᠴᠦ ᠪᠤᠲᠠ ᠪᠡᠶᠡ ᠪᠡᠷ ᠤᠷᠤᠰᠢᠵᠤ | ᠠᠮᠢᠲᠤᠷᠠᠵᠤ᠂ ᠲᠡᠷᠡᠴᠢᠯᠡᠨ ᠮᠠᠰᠢ ᠤᠯᠠᠨ ᠬᠦᠮᠦᠰ ᠤᠨ ᠠᠮᠢᠲᠤᠷᠠᠯ ᠡᠴᠡ ᠰᠠᠯᠤᠰᠢ ᠦᠭᠡᠢ ᠬᠤᠯᠪᠤᠭᠠᠲᠠᠢ ᠭᠡᠷ ᠤᠨ ᠲᠡᠵᠢᠭᠡᠪᠦᠷᠢ | ᠪᠠᠢᠢᠲᠠᠭ᠃ ᠡᠯᠵᠢᠭᠡ ᠭᠡᠵᠦ ᠬᠦᠮᠦᠨ ᠠᠮᠢᠲᠠᠨ ᠳ᠋ᠤ ᠬᠤᠤᠷ ᠭᠡᠮ ᠦᠭᠡᠢ ᠮᠦᠷᠲᠡᠭᠡᠨ ᠲᠤᠰᠠᠮᠠᠷᠴᠢ ᠬᠦᠭᠡᠷᠦᠬᠦᠢ ᠠᠮᠢᠲᠠᠨ | ᠪᠠᠢᠢᠲᠠᠯᠠ ᠪᠠᠨ ᠬᠦᠮᠦᠰ ᠲᠡᠬᠦᠨ ᠢ ᠰᠠᠢᠢᠰᠢᠶᠠᠵᠤ ᠮᠠᠬᠲᠠᠲᠠᠬ ᠦᠭᠡᠢ᠂ ᠲᠡᠭᠡᠬᠦ ᠳ᠋ᠡᠭᠡᠨ ᠪᠢ ᠶᠡᠷᠦᠨᠢ ᠡᠯᠵᠢᠭᠡᠨ ᠤ ᠡᠮᠦᠨᠡ ᠡᠴᠡ | ᠭᠤᠤᠯᠴᠢ ᠦᠭᠡ ᠬᠡᠯᠡᠵᠦ᠂ ᠬᠦᠮᠦᠨ ᠲᠦᠷᠦᠯᠬᠢᠲᠡᠨ ᠳ᠋ᠤ ᠦᠵᠡᠬᠦᠯᠦᠭ᠍ᠰᠡᠨ ᠡᠯᠵᠢᠭᠡ ᠵᠢᠨ ᠴᠢᠮᠠᠯᠠᠰᠢ ᠦᠭᠡᠢ ᠵᠢᠳᠬᠦᠯ ᠢ | ᠦᠨᠡᠯᠡᠶᠡ ᠭᠡᠵᠦ ᠪᠤᠲᠤᠭᠠᠳ ᠪᠠᠢᠢᠬᠰᠠᠨ ᠨᠢ ᠦᠨᠦᠲᠦᠷ ᠤᠨ ᠡᠨᠡ ᠬᠦ ᠵᠢᠵᠢᠭ ᠵᠤᠬᠢᠶᠠᠯ ᠪᠢᠴᠢᠭ᠍ᠰᠡᠨ ᠤ ᠵᠤᠷᠢᠯᠭᠠ ᠪᠢᠯᠡ᠃ | ᠤᠳᠤᠮᠯᠠᠯ ᠤᠨ ᠤᠬᠠᠭᠠᠨᠲᠠᠨ ᠤ ᠰᠤᠲᠤᠯᠤᠯ ᠡᠴᠡ ᠦᠵᠡᠬᠦ ᠳ᠋ᠤ᠂ 400 ᠲᠦᠮᠡᠨ ᠵᠢᠯ ᠤᠨ ᠴᠠᠭᠠᠨᠠ᠂ ᠮᠤᠷᠢ | ᠬᠢᠭᠡᠳ ᠡᠯᠵᠢᠭᠡ ᠵᠢᠨ ᠪᠠᠯᠠᠷ ᠬᠤᠯᠠ ᠵᠢᠨ ᠲᠡᠭᠡᠲᠦᠰ ᠨᠢ ᠨᠢᠭᠡ ᠪᠠᠢᠢᠬᠰᠠᠨ ᠭᠡᠲᠡᠭ᠂ ᠤᠷᠲᠤ ᠤᠲᠠᠭᠠᠨ ᠲᠡᠦᠬᠡ ᠵᠢᠨ ᠤᠯᠠᠷᠢᠯ | ᠬᠤᠪᠢᠷᠠᠯ ᠵᠢᠡᠷ ᠲᠠᠮᠵᠢᠵᠤ᠂ ᠮᠤᠨᠭᠭᠤᠯᠴᠤᠳ ᠲᠠᠬᠢ ᠭᠡᠵᠦ ᠨᠡᠷᠡᠯᠡᠲᠡᠭ ᠵᠡᠷᠯᠢᠭ᠌᠌ ᠠᠳᠤᠭᠤ ᠬᠢᠭᠡᠳ ᠬᠤᠯᠠᠨ ᠭᠡᠵᠦ ᠨᠡᠷᠡᠯᠡᠲᠡᠭ | ᠵᠡᠷᠯᠢᠭ᠌᠌ ᠡᠯᠵᠢᠭᠡ ᠰᠠᠯᠪᠤᠷᠢᠯᠠᠵᠤ ᠭᠠᠷᠤᠬᠰᠠᠨ ᠠᠵᠢ᠃ ᠬᠤᠵᠢᠮ ᠨᠢ ᠬᠦᠮᠦᠨ ᠲᠦᠷᠦᠯᠬᠢᠲᠡᠨ ᠭᠠᠷᠰᠢᠭᠤᠯᠵᠤ ᠭᠡᠷᠰᠢᠬᠦᠯᠵᠦ | ᠲᠡᠵᠢᠭᠡᠭᠡᠳ᠂ ᠤᠳᠤ ᠮᠠᠨ ᠤ ᠰᠠᠢᠢᠨ ᠮᠡᠲᠡᠲᠡᠭ ᠮᠤᠷᠢ ᠪᠠ ᠡᠯᠵᠢᠭᠡ ᠪᠤᠯᠵᠤ ᠬᠦᠮᠦᠨ ᠲᠦᠷᠦᠯᠬᠢᠲᠡᠨ ᠳ᠋ᠤ ᠬᠦᠯᠦᠰᠢ ᠤᠨᠤᠯᠭᠠ | ᠪᠤᠯᠵᠤ ᠵᠠᠷᠤᠬᠲᠠᠬᠰᠠᠭᠠᠷ ᠢᠷᠡᠪᠡ᠃ ᠡᠯᠵᠢᠭᠡ ᠤᠮᠠᠷᠠᠳᠤ ᠠᠮᠸᠷᠢᠺᠠ ᠲᠢᠪ ᠬᠢᠭᠡᠳ ᠶᠡᠬᠡ ᠲᠠᠯᠠᠢ ᠵᠢᠨ ᠲᠢᠪ ᠲᠤ ᠴᠦᠬᠡᠨ ᠪᠠᠢᠢᠬᠤ | ᠵᠢ ᠭᠠᠷᠭᠠᠪᠠᠯ᠂ ᠲᠡᠯᠡᠬᠡᠢ ᠵᠢᠨ ᠡᠯᠡ ᠭᠠᠵᠠᠷ ᠲᠤ ᠲᠦᠭᠡᠮᠡᠯ ᠪᠠᠢᠢᠲᠠᠬ ᠪᠦᠭᠡᠳ ᠠᠽᠢᠶᠠ ᠲᠢᠪ ᠲᠤ ᠮᠠᠰᠢ ᠤᠯᠠᠨ᠂ ᠬᠠᠭᠠᠰ | ᠰᠢᠬᠠᠮ ᠲᠤᠭᠠ ᠵᠢ ᠡᠵᠡᠯᠡᠲᠡᠭ᠃ ᠠᠹᠢᠷᠢᠺᠠ ᠲᠢᠪ᠂ ᠯᠠᠲ᠋ᠢᠨ ᠠᠮᠸᠷᠢᠺᠠ ᠲᠢᠪ᠂ ᠡᠸᠤᠢᠷᠤᠹᠠ ᠲᠢᠪ ᠲᠤ ᠴᠤ ᠴᠦᠬᠡᠨ ᠪᠤᠰᠤ᠃ | ᠲᠤᠮᠳᠠᠳᠤ ᠤᠯᠤᠰ ᠡᠯᠵᠢᠭᠡ ᠲᠡᠵᠢᠭᠡᠭᠡᠳ 4000 ᠵᠢᠯ ᠤᠨ ᠲᠡᠦᠬᠡ ᠲᠠᠢ ᠪᠤᠯᠵᠠᠢᠭᠡᠵᠦ ᠨᠢᠭᠡ ᠨᠤᠮ ᠳ᠋ᠤ ᠪᠢᠴᠢᠵᠤ ᠪᠠᠢᠢᠬᠰᠠᠨ | ᠢ ᠪᠢ ᠬᠠᠷᠠᠬᠰᠠᠨ᠂ ᠶᠠᠮᠠᠷ ᠦᠨᠲᠦᠰᠦᠯᠡᠯ ᠲᠠᠢ ᠵᠢ ᠪᠢ ᠡᠰᠡ ᠮᠡᠲᠡᠨᠡᠮ᠃ ᠶᠡᠷᠦᠨᠢ 4000 ᠵᠢᠯ ᠵᠢᠡᠷ ᠲᠤᠬᠲᠠᠬᠤ ᠦᠭᠡᠢ | ᠪᠠᠢᠢᠬᠠ ᠭᠡᠵᠦ ᠪᠢ ᠬᠠᠷᠠ ᠪᠤᠲᠤᠯᠭᠠ ᠪᠡᠷ ᠵᠢᠡᠨ ᠲᠦᠰᠦᠭᠡᠯᠡᠲᠡᠭ᠃ ᠨᠡᠢᠢᠲᠡ ᠵᠢᠨ ᠤᠨ ᠲᠤᠭᠠᠯᠠᠯ ᠤᠨ 2000 ᠤᠨ ᠤ | ᠪᠦᠷᠢᠳᠭᠡᠯ ᠵᠢᠡᠷ ᠂ ᠲᠤᠮᠲᠠᠳᠤ ᠤᠯᠤᠰ ᠤᠨ ᠡᠯᠵᠢᠭᠡ ᠵᠢᠨ ᠵᠤᠬᠰᠤᠭᠠᠯ ᠲᠤᠭᠠ 930 ᠲᠦᠮᠡ ᠳ᠋ᠤ ᠬᠦᠷᠦᠯᠡ ᠭᠡᠲᠡᠭ᠂ | ᠶᠠᠷᠢᠶᠠᠨ ᠦᠭᠡᠢ ᠲᠡᠯᠡᠬᠡᠢ ᠳ᠋ᠤ ᠨᠢᠭᠡᠲᠦᠭᠡᠷ ᠲᠤ ᠤᠷᠤᠨᠠ᠃ ᠤᠯᠤᠰ ᠵᠢᠡᠷ ᠵᠢᠬᠰᠠᠭᠠᠪᠠᠯ ᠄ ᠡᠸᠽᠢᠤᠪᠢᠶᠠ᠂ᠫᠠᠺᠢᠰᠲ᠋ᠠᠨ ᠂ | ᠮᠸᠺᠰᠢᠺᠤ᠂ ᠢᠷᠠᠨ ᠂ᠶᠸᠵᠡᠫᠲ᠂ ᠲᠦᠷᠺ᠂ ᠠᠹᠭᠠᠨᠢᠰᠲ᠋ᠠᠨ᠂ ᠪᠷᠠᠽᠢᠯ ᠵᠡᠷᠭᠡ ᠤᠯᠤᠰ ᠨᠤᠭᠤᠳ ᠤᠷᠤᠨᠠ᠃ | ᠲᠡᠦᠬᠡ ᠵᠢᠨ ᠪᠢᠴᠢᠭ᠌ ᠬᠠᠷᠠ ᠡᠴᠡ ᠬᠠᠷᠠᠬᠤ ᠳ᠋ᠤ᠂ ᠰᠸ ᠮᠠ ᠴᠢᠶᠠᠨ ᠤ ᠪᠢᠴᠢᠭ᠍ᠰᠡᠨ 《ᠰᠤᠳᠤᠷ ᠪᠢᠴᠢᠭ᠌ ᠂ ᠾᠦᠨᠭᠨᠤ | ᠵᠢᠨ ᠱᠠᠰᠢᠲᠠᠷ》ᠲᠤ᠂ ᠨᠡᠢᠢᠲᠡ ᠵᠢᠨ ᠤᠨ ᠲᠤᠭᠠᠯᠠᠯ ᠡᠴᠡ ᠡᠮᠦᠨᠡ 200 ᠤᠨ ᠳ᠋ᠤ《ᠮᠤᠳᠤᠨ ᠴᠠᠨ ᠢᠦᠢ ᠹᠸᠨᠭᠴᠸᠩ | ᠬᠤᠲᠠ (ᠤᠳᠤ ᠵᠢᠨ ᠳ᠋ᠠᠲ᠋ᠤᠢᠩ)ᠬᠤᠳᠠ ᠵᠢ ᠪᠦᠰᠡᠯᠡᠨ ᠪᠠᠢᠢᠯᠳᠤᠬᠤ ᠳ᠋ᠠᠭᠠᠨ ᠲᠤᠭᠠ ᠲᠤᠮᠰᠢ ᠦᠭᠡᠢ ᠲᠡᠮᠡᠭᠡ᠂ ᠡᠯᠵᠢᠭᠡ᠂ | ᠯᠠᠭᠤᠰᠠ ᠪᠡᠷ ᠮᠠᠢᠢᠬᠠᠨ ᠬᠦᠰᠭᠡ᠂ ᠬᠦᠨᠡᠰᠦ ᠬᠤᠭᠤᠯᠠ ᠪᠠᠨ ᠵᠦᠭᠡᠭᠡᠪᠦᠷᠢᠯᠡᠵᠦ ᠪᠠᠢᠢᠪᠠᠢ》ᠭᠡᠵᠦ ᠲᠡᠮᠲᠡᠭᠯᠡᠭᠰᠡᠨ ᠪᠦᠭᠡᠳ | ᠡᠯᠵᠢᠭᠡ᠂ ᠯᠠᠭᠤᠰᠠ ᠵᠢ 《ᠾᠦᠨᠭᠨᠦ ᠵᠢᠨ ᠬᠠᠴᠢᠨ ᠮᠠᠯ》ᠬᠡᠮᠡᠨ ᠨᠡᠷᠡᠯᠡᠪᠡ᠃ ᠾᠦᠨᠭᠨᠦ ᠡᠮᠦᠨᠡᠰᠢ ᠲᠤᠪᠳᠤᠯᠠᠬᠤ ᠪᠡᠷ | ᠲᠠᠮᠵᠢᠵᠤ᠂ ᠮᠤᠷᠢ᠂ ᠡᠯᠵᠢᠭᠡ᠂ ᠯᠠᠭᠤᠰᠠ ᠲᠤᠲᠤᠷ ᠭᠠᠵᠠᠷ ᠶᠡᠬᠡ ᠬᠡᠮᠵᠢᠶᠡ ᠪᠡᠷ ᠤᠷᠤᠵᠤ᠂ ᠲᠠᠷᠢᠶᠠᠯᠠᠬᠤ ᠦᠨᠲᠦᠰᠦᠲᠡᠨ ᠤ | ᠤᠨᠤᠰᠢ ᠬᠦᠯᠦᠰᠢ ᠵᠢᠨ ᠨᠦᠬᠦᠴᠡᠯ ᠳ᠋ᠤ ᠮᠠᠰᠢ ᠶᠡᠬᠡ ᠬᠤᠪᠢᠷᠠᠯᠲᠠ ᠭᠠᠷᠭᠠᠬᠰᠠᠨ ᠪᠠᠢᠢᠨᠠ᠃ ᠵᠡᠬᠦᠨ ᠬᠠᠨ ᠤᠯᠤᠰ ᠤᠨ ᠦᠶᠡ | ᠪᠡᠷ ᠡᠯᠵᠢᠭᠡ ᠭᠡᠷ ᠤᠨ ᠲᠡᠵᠢᠭᠡᠪᠦᠷᠢ ᠵᠢᠨ ᠬᠤᠪᠢ ᠳ᠋ᠤ ᠠᠢᠢᠯ ᠭᠡᠷ ᠤᠳ ᠠᠵᠢᠯ ᠠᠮᠢᠲᠤᠷᠠᠯ ᠳ᠋ᠠᠭᠠᠨ ᠵᠠᠷᠤᠵᠤ ᠪᠠᠢᠢᠵᠠᠢ᠃ ᠲᠠᠩ | ᠤᠯᠤᠰ ᠤᠨ ᠦᠶᠡ ᠳ᠋ᠤ᠂ ᠨᠤᠶᠠᠳ ᠲᠦᠰᠢᠮᠡᠳ ᠮᠤᠷᠢ ᠤᠨᠤᠵᠤ᠂ ᠤᠷᠤᠬᠰᠠᠳ ᠡᠴᠡ ᠲᠤᠷᠤᠬᠰᠢ ᠬᠦᠮᠦᠰ ᠮᠤᠷᠢ ᠤᠨᠤᠵᠤ | ᠪᠤᠯᠬᠤ ᠦᠭᠡᠢ᠂ ᠡᠯᠵᠢᠭᠡ ᠤᠨᠤᠵᠤ ᠪᠤᠯᠤᠨᠡ ᠭᠡᠰᠡᠨ ᠲᠤᠭᠲᠠᠭᠠᠯ ᠲᠠᠢ ᠶᠤᠮ ᠭᠡᠨᠡ᠃ ᠭᠡᠬᠦ ᠳ᠋ᠤ ᠬᠠᠮᠢᠭᠠ ᠤᠴᠢᠪᠠᠴᠤ ᠡᠯᠵᠢᠭᠡ | ᠪᠠᠨ ᠠᠪᠤᠭᠠᠳ ᠤᠴᠢᠯᠲᠢ ᠪᠢᠰᠢ᠂ ᠬᠠᠮᠢᠭᠠ ᠤᠴᠢᠪᠠᠯ ᠡᠯᠵᠢᠭᠡ ᠬᠤᠲᠠᠯᠳᠤᠵᠤ ᠠᠪᠤᠯᠲᠠᠢ ᠴᠤ ᠪᠢᠰᠢ᠂ ᠬᠦᠮᠦᠰ ᠤᠨ ᠲᠦᠷ | ᠵᠠᠭᠤᠷᠠ ᠵᠢᠨ ᠶᠠᠪᠤᠵᠤ ᠰᠠᠭᠤᠬᠤ ᠬᠡᠷᠡᠭᠴᠡᠭᠡ ᠳ᠋ᠤ ᠵᠤᠬᠢᠴᠠᠭᠤᠯᠵᠤ᠂ ᠲᠠᠩ ᠤᠯᠤᠰ ᠤᠨ ᠦᠶᠡ ᠳ᠋ᠤ ᠡᠯᠵᠢᠭᠡ ᠲᠦᠷᠢᠶᠡᠰᠦᠯᠡᠬᠦ | ᠺᠤᠮᠫᠠᠨᠢ ᠭᠠᠷᠤᠬᠰᠠᠨ ᠭᠡᠲᠡᠭ᠂ ᠠᠯᠪᠠᠨ ᠤ ᠬᠢ᠂ ᠬᠤᠪᠢᠨ ᠤ ᠬᠢ ᠪᠦᠷ ᠪᠠᠢᠢᠲᠠᠬ᠂ ᠶᠠᠪᠤᠬᠰᠠᠨ ᠵᠠᠮ ᠤᠨ ᠬᠤᠯᠠ ᠤᠢᠢᠷᠠ ᠪᠠᠷ | ᠲᠦᠷᠢᠶᠡᠰᠦᠨ ᠮᠦᠨᠭ᠍ᠭᠦ ᠪᠤᠲᠤᠵᠤ ᠠᠪᠤᠨᠠ᠂ ᠤᠳᠤ ᠵᠢᠨ ᠲᠦᠷᠢᠶᠡᠰᠤᠨ ᠮᠠᠰᠢᠨ ᠳ᠋ᠤ ᠰᠠᠭᠤᠬᠰᠠᠨ ᠤᠬᠠᠭᠠᠨ ᠲᠠᠢ᠃ | ᠭᠡᠬᠦ ᠳ᠋ᠤ ᠬᠤᠪᠢ ᠵᠠᠶᠠᠭᠠᠨ ᠤ ᠬᠤᠪᠢ ᠳ᠋ᠤ᠂ ᠠᠳᠤᠭᠤ ᠲᠡᠭᠰᠢ ᠭᠤᠸᠠᠯᠢᠬ ᠪᠡᠶᠡ ᠭᠠᠯᠪᠢᠷ᠂ ᠴᠠᠬᠢᠯᠠᠬᠤ ᠲᠦᠷᠭᠡᠨ | ᠬᠤᠷᠲᠤᠴᠠ ᠪᠠᠷ ᠵᠢᠡᠨ ᠢᠯᠡᠬᠦᠦ ᠲᠠᠭᠠᠯᠠᠬᠲᠠᠵᠤ᠂ 《ᠠᠵᠢᠨᠠᠢ ᠬᠦᠯᠦᠭ》᠂《ᠠᠷᠭᠤᠮᠠᠬ ᠬᠦᠯᠦᠭ》᠂《ᠦᠭᠡ ᠦᠭᠡᠢ | ᠲᠠᠢᠢᠴᠢᠨ ᠬᠠᠨᠢ》ᠭᠡᠬᠦ ᠮᠡᠲᠦ ᠪᠡᠷ ᠬᠦᠮᠦᠰ ᠲᠡᠬᠦᠨ ᠢ ᠦᠭᠡ ᠬᠠᠢᠢᠷᠠᠯᠠᠯ ᠦᠭᠡᠢ ᠮᠠᠬᠲᠠᠲᠠᠬ ᠪᠤᠯᠪᠠᠴᠤ᠂ ᠡᠯᠵᠢᠭᠡ ᠴᠢᠬᠢ | ᠤᠷᠲᠤ ᠂ ᠬᠦᠯ ᠨᠠᠷᠢᠨ᠂ ᠲᠠᠭᠤ ᠨᠢ ᠠᠷᠠᠢ ᠮᠠᠭᠤᠬᠠᠢ ᠵᠡᠷᠭᠡ ᠡᠴᠡ ᠴᠤ ᠪᠢᠯᠢᠦ᠂ ᠬᠦᠮᠦᠰ ᠲᠤ ᠬᠢᠷᠢᠨ ᠳ᠋ᠡᠭᠡᠨ ᠬᠦᠴᠦ ᠪᠠᠨ | ᠦᠭ᠍ᠲᠡᠭ ᠪᠤᠯᠪᠠᠴᠤ ᠲᠡᠭᠡᠵᠦ ᠪᠠᠬᠠᠷᠠᠭᠲᠠᠵᠤ ᠲᠤᠭᠤᠬᠲᠠᠲᠠᠬ ᠦᠭᠡᠢ᠂ ᠲᠡᠷᠡᠴᠢᠯᠡᠨ 《ᠡᠷᠬᠢᠬᠦᠦ ᠡᠯᠵᠢᠭᠡ》 ᠂ 《ᠵᠦᠷᠢᠬᠦᠦ | ᠡᠯᠵᠢᠭᠡ》ᠭᠡᠬᠦ ᠮᠡᠲᠦ ᠪᠡᠷ ᠲᠦᠷᠰᠦᠯᠡᠭᠲᠡᠲᠡᠭ᠃ ᠤᠳᠤ ᠡᠴᠡ 1200 ᠵᠢᠯ ᠤᠨ ᠡᠮᠦᠨᠡ ᠠᠮᠢᠲᠤᠷᠠᠵᠤ ᠪᠠᠢᠢᠬᠰᠠᠨ ᠲᠠᠩ | ᠤᠯᠤᠰ ᠤᠨ ᠠᠯᠲᠠᠷᠳᠤ ᠤᠷᠠᠨ ᠵᠤᠬᠢᠶᠠᠯᠴᠢ᠂ ᠪᠤᠲᠤᠯᠭᠠᠲᠠᠨ ᠯᠢᠦ ᠽᠦᠩ ᠶᠤᠸᠠᠨ ᠬᠡᠮᠡᠭᠴᠢ ᠪᠡᠷ《ᠭᠦᠢᠵᠸᠦ ᠵᠢᠨ | ᠡᠯᠵᠢᠭᠡ》ᠭᠡᠰᠡᠨ ᠨᠡᠷᠡᠲᠡᠢ ᠵᠤᠬᠢᠶᠠᠯ ᠪᠢᠴᠢᠵᠡᠢ᠃ ᠭᠦᠢᠵᠸᠦ ᠭᠡᠲᠡᠭ ᠭᠠᠵᠠᠷ ᠤᠤᠯ ᠳ᠋ᠠᠭᠠᠨ ᠡᠯᠵᠢᠭᠡ ᠪᠠᠢᠢᠬᠰᠠᠨ ᠦᠭᠡᠢ᠂ | ᠶᠠᠭᠤᠮᠠᠨ ᠳ᠋ᠤ ᠲᠤᠷᠠᠲᠠᠢ ᠨᠢᠭᠡ ᠬᠦᠮᠦᠨ ᠡᠯᠵᠢᠭᠡ ᠬᠤᠲᠠᠯᠳᠤᠵᠤ ᠠᠪᠤᠭᠠᠳ ᠭᠦᠢᠵᠸᠦ ᠳ᠋ᠡᠭᠡᠨ ᠠᠪᠴᠤ ᠬᠠᠷᠢᠬᠰᠠᠨ ᠶᠤᠮ | ᠭᠡᠨᠡ᠃ ᠪᠠᠷᠰ ᠠᠪᠤᠭᠠᠢ ᠭᠡᠨᠡᠦᠡᠲᠡ ᠤᠯᠵᠤ ᠦᠵᠡᠭᠡᠳ ᠶᠡᠬᠡᠲᠡ ᠠᠶᠤᠵᠤ᠂ ᠡᠬᠢᠨ ᠳ᠋ᠡᠭᠡᠨ ᠬᠠᠪᠢᠲᠠᠵᠤ ᠤᠢᠢᠷᠠᠳᠬᠤ ᠦᠭᠡᠢ | ᠬᠡᠷᠰᠡᠦᠯᠡᠵᠦ ᠪᠠᠢᠢᠬᠰᠠᠨ ᠵᠢᠠᠨ ᠂ ᠠᠵᠢᠭᠠᠳ ᠪᠠᠢᠢᠬᠤ ᠳ᠋ᠤ ᠡᠯᠵᠢᠭᠡ ᠨᠢᠭᠡ ᠶᠡᠬᠡ ᠡᠭᠡᠭ᠍ᠯᠡᠬᠦ᠂ ᠠᠷᠤ ᠵᠢᠨ ᠬᠤᠶᠠᠷ ᠬᠦᠯ ᠵᠢᠡᠷ ᠵᠢᠠᠨ | ᠲᠤᠨᠭᠭᠤᠷᠠᠨ ᠢᠰᠬᠦᠴᠡᠬᠦ ᠡᠴᠡ ᠴᠠᠭᠠᠰᠢ ᠦᠭᠡᠢ ᠵᠢ ᠨᠢ ᠮᠡᠲᠡᠭᠡᠳ ᠪᠠᠭᠠᠯᠵᠤᠤᠷ ᠡᠴᠡ ᠬᠠᠵᠠᠵᠤ ᠪᠠᠷᠢᠭᠠᠳ ᠢᠲᠡᠭ᠍ᠰᠡᠨ ᠶᠤᠮ | ᠭᠡᠨᠡ᠃ ᠡᠬᠦᠨ ᠵᠢᠡᠷ ᠲᠡᠮᠡᠢ ᠴᠦ ᠡᠷᠲᠡᠮ ᠴᠢᠲᠠᠪᠤᠷᠢ ᠦᠭᠡᠢ ᠬᠢᠷᠢᠨ ᠵᠢᠡᠨ ᠬᠡᠢ ᠤᠨᠭ᠍ᠭᠢᠷᠠᠭᠠᠳ ᠶᠠᠪᠤᠲᠠᠬ ᠬᠦᠮᠦᠨ ᠢ | ᠬᠤᠱᠤᠨᠭᠨᠠᠬᠰᠠᠨ ᠠᠵᠢ᠃ | ᠡᠬᠦᠨ ᠡᠴᠡ ᠭᠠᠲᠠᠨᠠ᠂ ᠠᠷᠠᠳ ᠤᠨ ᠲᠤᠮᠲᠠ ᠪᠠᠰᠠ ᠨᠢᠭᠡ ᠶᠤᠬᠲᠠ ᠦᠯᠢᠭᠡᠷ ᠴᠤ ᠪᠠᠢᠢᠲᠠᠭ᠃ | ᠨᠢᠭᠡ ᠡᠲᠦᠷ ᠡᠯᠵᠢᠭᠡ ᠮᠠᠰᠢ ᠤᠷᠮᠠ ᠮᠠᠭᠤᠲᠠᠢ ᠪᠤᠯᠬᠤᠷ ᠨᠢ᠂ ᠶᠠᠭᠠᠬᠢᠴᠢᠬᠠᠪᠠ ? ᠭᠡᠵᠦ ᠮᠤᠷᠢ ᠠᠰᠠᠭᠤᠬᠰᠠᠨ ᠳ᠋ᠤ᠄ | ᠡᠯᠵᠢᠭᠡ ᠪᠤᠯᠤᠬᠰᠠᠨ ᠪᠢᠲᠠᠨᠤᠰ ᠠᠵᠢᠯ ᠤᠨ ᠬᠦᠨᠲᠦ ᠵᠢ ᠬᠢᠨᠡ᠂ ᠠᠴᠢᠶᠠᠨ ᠤ ᠬᠦᠨᠲᠦ ᠵᠢ ᠡᠷᠬᠦᠨᠡ᠂ ᠭᠡᠲᠡᠯᠡ ᠮᠠᠨ ᠤ | ᠡᠵᠡᠳ ᠮᠤᠷᠢ ᠲᠠᠨᠤᠰ ᠲᠤ ᠳ᠋ᠠᠭᠠᠨ ᠨᠠᠷᠢᠨ ᠬᠤᠭᠤᠯᠠ ᠢᠲᠡᠬᠦᠯᠵᠦ᠂ ᠡᠯᠵᠢᠭᠡ ᠪᠢᠲᠠᠨ ᠳ᠋ᠤ ᠵᠦᠪᠬᠡᠨ ᠪᠦᠲᠦᠬᠦᠯᠢᠭ᠌ ᠡᠪᠡᠰᠦ ᠯᠡ | ᠢᠲᠡᠬᠦᠯᠲᠡᠭ ᠭᠡᠵᠦ ᠭᠤᠮᠤᠷᠬᠠᠨ ᠬᠡᠯᠡᠭᠰᠡᠨ ᠭᠡᠨᠡ᠃ ᠭᠡᠬᠦ ᠳ᠋ᠤᠨᠢ ᠮᠤᠷᠢ ᠬᠠᠷᠢᠭᠤ ᠳ᠋ᠤᠨᠢ᠄ ᠶᠠᠭᠤᠮᠠ ᠵᠢ ᠲᠡᠭᠡᠵᠦ ᠠᠳᠠᠯᠢᠳᠬᠠᠵᠤ | ᠪᠤᠯᠬᠤ ᠦᠭᠡᠢ ᠰᠢᠦ᠂ ᠲᠠᠢᠢᠨ ᠲᠤᠯᠤᠯᠳᠤᠭᠠᠨ ᠳ᠋ᠤ᠂ ᠭᠠᠩ ᠵᠢᠲᠠ ᠭᠠᠯᠳ᠋ᠤ ᠫᠤᠤ ᠵᠢᠨ ᠲᠤᠮᠲᠠᠭᠤᠷ ᠱᠤᠨᠭᠭᠤᠯᠠᠬᠤ ᠳ᠋ᠤ ᠡᠵᠡᠳ | ᠮᠠᠨᠢ ᠮᠤᠷᠢ ᠤᠨᠤᠬᠤ ᠡᠴᠡ ᠪᠢᠰᠢ᠂ ᠡᠯᠵᠢᠭᠡ ᠵᠢ ᠤᠨᠤᠲᠠᠭ ᠦᠭᠡᠢ ᠵᠢ ᠰᠠᠨᠠ᠂ ᠪᠢᠲᠡᠨ ᠳ᠋ᠤ ᠬᠡᠴᠢᠨᠡᠨ ᠦᠷᠡᠭᠲᠡᠯ ᠰᠦᠢᠲᠦᠯ᠂ | ᠠᠶᠤᠯ ᠲᠦᠭᠰᠢᠬᠦᠷᠢ ᠲᠤᠯᠭᠠᠷᠠᠲᠠᠭ ᠢ ᠡᠯᠵᠢᠭᠡ ᠲᠠᠨᠤᠰ ᠬᠡᠷᠬᠢᠨ ᠮᠡᠲᠡᠬᠦ ᠶᠤᠮ ᠪᠤᠢ ? ᠪᠢᠲᠠᠨ ᠳ᠋ᠤ ᠵᠢᠭᠠᠬᠠᠨ ᠨᠠᠷᠢᠨ ᠬᠤᠭᠤᠯᠠ | ᠢᠲᠡᠬᠦᠯᠦᠯᠡ ᠭᠡᠳ ᠠᠳᠠᠭᠠᠷᠬᠠᠵᠤ ᠦᠯᠦ ᠪᠤᠯᠤᠨᠠᠮ ᠭᠡᠰᠡᠨ ᠭᠡᠨᠡ᠃ | ᠪᠤᠲᠤᠪᠠᠯ ᠮᠤᠷᠢᠨ ᠤ ᠦᠭᠡ ᠪᠠᠰᠠ ᠶᠤᠰᠤᠲᠠᠢ ᠦᠭᠡ ᠶᠤᠮ ᠡ᠃ ᠭᠡᠬᠦ ᠳ᠋ᠤ ᠡᠯᠵᠢᠭᠡ ᠲᠠᠢᠢᠨ ᠲᠤᠯᠤᠯᠳᠤᠭᠠᠨ ᠳ᠋ᠤ | ᠲᠤᠪᠳᠤᠯᠤᠨ ᠤᠷᠤᠲᠠᠭ ᠬᠤᠷᠲᠤᠴᠠ ᠰᠢᠨᠳᠠᠰᠤ ᠪᠠᠢᠢᠲᠠᠭ ᠦᠭᠡᠢ ᠪᠤᠯᠪᠠᠴᠤ᠂ ᠡᠯᠵᠢᠭᠡ ᠮᠦᠨ ᠪᠦᠲᠦᠬᠦᠯᠢᠭ᠌ ᠲᠡᠵᠢᠭᠡᠯ | ᠭᠤᠯᠤᠲᠠᠭ ᠦᠭᠡᠢ᠂ ᠲᠡᠰᠪᠦᠷᠢ ᠲᠠᠭᠠᠭᠠᠴᠠᠲᠠᠢ᠂ ᠡᠪᠡᠳᠴᠢᠨ ᠭᠡᠮ ᠲᠤᠰᠬᠤ ᠨᠢ ᠴᠦᠬᠡᠨ᠂ ᠡᠲᠦᠷ ᠲᠤᠰᠤᠮ ᠤᠨ ᠠᠳᠠᠯ | ᠠᠮᠢᠲᠤᠷᠠᠯ ᠳ᠋ᠤ ᠂ ᠭᠠᠷ ᠦᠵᠦᠬᠦᠷ ᠵᠠᠷᠤᠬᠤ ᠳ᠋ᠤ ᠲᠦᠬᠦᠮ ᠪᠠᠢᠢᠲᠠᠬ᠃ ᠮᠠᠨ ᠤ ᠤᠯᠤᠰ ᠲᠤ ᠲᠠᠷᠬᠠᠴᠠ ᠵᠢᠨ ᠲᠠᠯᠠ ᠪᠠᠷ | ᠡᠮᠦᠨᠠᠰᠢ ᠬᠦᠬᠡᠮᠤᠢᠷᠡᠨ ᠡᠴᠡ ᠨᠠᠭᠠᠰᠢ᠂ ᠬᠠᠳᠤᠨ ᠭᠤᠤᠯ ᠤᠨ ᠰᠠᠪᠠ ᠭᠠᠵᠠᠷ ᠵᠢᠡᠷ ᠨᠡᠩ ᠢᠯᠡᠬᠦᠦ᠂ ᠪᠠᠷᠠᠭᠤᠨ ᠬᠤᠢᠢᠳᠤ | ᠤᠷᠤᠨ᠂ ᠵᠡᠬᠦᠨ ᠬᠤᠢᠢᠳᠤ ᠤᠷᠤᠨ᠂ ᠤᠮᠠᠷᠠᠲᠤ ᠤᠷᠤᠨ ᠵᠢᠠᠷ ᠬᠦᠮᠦᠰ ᠤᠨ ᠡᠳ᠋ᠯᠡᠭᠡᠨ ᠳ᠋ᠤ ᠤᠷᠤᠲᠠᠭ᠃ ᠠᠭᠤᠷ ᠠᠮᠢᠰᠬᠤᠯ | ᠮᠠᠰᠢ ᠬᠦᠢᠲᠡᠨ ᠶᠤᠮ ᠤᠤ᠂ ᠡᠰᠡᠬᠦᠯᠡ ᠮᠠᠰᠢ ᠬᠠᠯᠠᠭᠤᠨ ᠤᠷᠤᠨ ᠳ᠋ᠤ ᠡᠯᠵᠢᠭᠡ ᠲᠤᠬᠢᠬᠤ ᠦᠭᠡᠢ ᠃ ᠤᠢᠢᠭᠤᠷᠴᠤᠳ ᠡᠯᠵᠢᠭᠡ | ᠵᠢ ᠤᠨᠤᠭᠠ ᠬᠦᠯᠦᠰᠢᠨ ᠳ᠋ᠤ ᠮᠠᠰᠢ ᠦᠷᠭᠡᠨ ᠬᠡᠷᠡᠭᠯᠡᠲᠡᠭ᠂ ᠴᠢᠯᠦᠭᠡᠯᠡᠭ᠍ᠲᠡᠭ᠍ᠰᠡᠨ ᠲᠠᠷᠠᠭᠠ ᠂ ᠤᠢᠢᠭᠤᠷ ᠡᠪᠦᠭᠡᠨ ᠲᠦᠷᠫᠠᠨ | ᠡᠯᠵᠢᠭᠡ ᠤᠨᠤᠵᠤ ᠪᠡᠭᠡᠵᠢᠩ ᠳ᠋ᠤ ᠤᠴᠢᠵᠤ ᠮᠠᠤ ᠲᠡᠷᠢᠬᠦᠯᠡᠭ᠍ᠴᠢ ᠲᠠᠢ ᠵᠤᠯᠭᠠᠬᠤ ᠶᠤᠮ ᠭᠡᠰᠡᠨ ᠦᠯᠢᠭᠡᠷ ᠦᠷᠭᠡᠨ ᠶᠠᠷᠢᠬᠲᠠᠲᠠᠬ᠂ | ᠲᠦᠪ ᠲᠸᠯᠸᠢᠰ ᠤᠨ ᠤᠯᠠᠭᠠᠬᠴᠢᠨ ᠲᠠᠬᠢᠶᠠ ᠵᠢᠯ ᠤᠨ ᠴᠠᠭᠠᠨ ᠰᠠᠷᠠ ᠵᠢᠨ ᠦᠲᠡᠰᠢᠯᠡᠭᠡ ᠳ᠋ᠤ ᠰᠢᠨᠵᠢᠶᠠᠩ ᠤᠨ ᠪᠢᠴᠢᠬᠠᠨ ᠬᠠᠷᠠ | ᠡᠯᠵᠢᠭᠡ ᠵᠦᠴᠦᠭᠡ ᠵᠢᠨ ᠲᠠᠢᠢᠵᠠᠨ ᠳ᠋ᠤ ᠭᠠᠷᠤᠭᠠᠳ 《ᠤᠳᠤᠨ》ᠪᠤᠯᠤᠬᠰᠠᠨ ᠪᠠᠢᠢᠲᠠᠬ᠃ | ᠲᠡᠭᠡᠷᠡ ᠵᠠᠭᠤᠨ ᠤ ᠲᠠᠯᠠᠭᠠᠳ ᠤᠨ ᠳ᠋ᠤ ᠪᠢ ᠪᠠᠭᠠᠷᠢᠨ ᠪᠠᠷᠠᠭᠤᠨ ᠬᠤᠰᠢᠭᠤᠨ ᠳ᠋ᠤ ᠠᠵᠢᠯᠯᠠᠵᠤ ᠪᠠᠢᠢᠬᠰᠠᠨ᠃ | ᠪᠠᠭᠠᠷᠢᠨᠴᠤᠳ ᠭᠡᠬᠦ ᠳ᠋ᠤ ᠬᠦᠮᠦᠨ ᠱᠤᠤᠯᠠᠬᠤ ᠭᠡᠪᠡᠯ ᠬᠡᠯᠡ ᠠᠮᠠ ᠪᠠᠨ ᠪᠢᠯᠡᠬᠦᠲᠦᠭᠡᠳ ᠤᠷᠤᠲᠠᠬ ᠨᠢᠭᠡ ᠨᠢ ᠪᠤᠢ᠂ ᠲᠡᠭᠡᠬᠦ ᠳ᠋ᠡᠭᠡᠨ | ᠨᠠᠮᠠᠢᠢ ᠬᠦᠷᠢᠶᠡ ᠬᠤᠰᠢᠭᠤ ᠨᠤᠲᠤᠭ ᠲᠠᠢ ᠭᠡᠬᠦ ᠪᠡᠷ᠂ ᠬᠦᠷᠢᠶᠡ ᠬᠤᠰᠢᠭᠤᠨ ᠤ 《ᠰᠠᠢᠢᠨ ᠤᠨᠤᠭᠠ ᠨᠢ ᠰᠠᠭᠠᠷᠠᠯ ᠡᠯᠵᠢᠭᠡ᠂ | ᠰᠠᠢᠢᠨ ᠪᠤᠲᠠᠭᠠ ᠨᠢ ᠰᠠᠭᠠᠭ ᠤᠨ ᠭᠤᠯᠢᠷ》᠂ 《ᠬᠦᠷᠢᠶᠡ᠂ ᠮᠤᠨᠭᠭᠤᠯᠵᠢᠨ ᠳ᠋ᠤ ᠮᠤᠷᠢ ᠪᠠᠢᠢᠬᠤ ᠦᠭᠡᠢ ᠪᠤᠯᠬᠤᠷ ᠡᠯᠵᠢᠭᠡ | ᠤᠷᠤᠯᠳᠤᠲᠠᠭ ᠶᠤᠮ ᠭᠡᠨᠡ᠂ ᠲᠦᠷᠦᠬᠦᠦ ᠱᠠᠨᠭᠨᠠᠯ ᠳ᠋ᠤᠨᠢ ᠭᠠᠬᠠᠢ ᠵᠢᠨ ᠲᠤᠷᠤᠢ ᠱᠠᠨᠭᠨᠠᠲᠠᠭ ᠭᠡᠨᠡ》ᠭᠡᠳ ᠱᠤᠤᠯᠠᠵᠤ ᠶᠠᠷᠢᠲᠠᠬ | ᠲᠤᠨᠢ ᠂ 《ᠲᠠᠨ ᠤ ᠪᠠᠭᠠᠷᠢᠨ ᠳ᠋ᠤ ᠡᠯᠵᠢᠭᠡ ᠪᠠᠰᠠ ᠴᠦᠬᠡᠨ ᠪᠢᠰᠢ ᠡ》ᠭᠡᠵᠦ ᠪᠢ ᠮᠦᠴᠡᠭᠡ ᠦᠭ᠍ᠬᠦ ᠦᠭᠡᠢ ᠮᠠᠷᠭᠤᠲᠠᠬ | ᠪᠠᠢᠢᠬᠰᠠᠨ ᠵᠢᠡᠨ ᠰᠠᠨᠠᠵᠤ ᠪᠠᠢᠢᠨᠠ᠃ ᠦᠨᠡᠨ ᠢ ᠬᠡᠯᠡᠬᠦ ᠳ᠋ᠤ ᠂ ᠲᠠᠯᠠᠭᠠᠳ ᠤᠨ ᠤ ᠡᠬᠢᠨ ᠵᠢᠡᠷ ᠪᠠᠭᠠᠷᠢᠨ ᠳ᠋ᠤ ᠡᠯᠵᠢᠭᠡ ᠵᠠᠷᠤᠲᠠᠬ | ᠠᠢᠢᠯ ᠴᠦ ᠮᠤᠨᠭᠳᠠᠬᠤ ᠪᠢᠰᠢ᠂ ᠨᠢᠭᠡ ᠡᠯᠵᠢᠭᠡᠨ ᠲᠡᠷᠭᠡ ᠲᠠᠢ ᠶᠤᠮ ᠪᠤᠯ ᠵᠡᠭᠡᠭ᠍ᠰᠡᠨ ᠠᠮᠢᠲᠤᠷᠠᠯᠭᠠ ᠲᠠᠢ ᠠᠢᠢᠯ ᠳ᠋ᠤ | ᠲᠤᠭᠠᠴᠠᠬᠲᠠᠨᠠ᠃ ᠬᠠᠷᠢᠨ ᠬᠡᠯᠡᠬᠦ ᠳ᠋ᠤ ᠰᠢᠯᠢ ᠵᠢᠨ ᠭᠤᠤᠯ᠂ ᠬᠦᠯᠦᠨ ᠪᠤᠢᠢᠷ ᠤᠨ ᠮᠠᠯᠵᠢᠬᠤ ᠤᠷᠤᠨ ᠳ᠋ᠤ ᠪᠤᠯ ᠡᠯᠵᠢᠭᠡ ᠶᠡᠷᠦᠨᠢ | ᠬᠠᠷᠠᠬᠲᠠᠭᠠ ᠦᠭᠡᠢ᠂ ᠨᠢᠭᠡ ᠳ᠋ᠤ ᠲᠡᠲᠡᠨ ᠤ ᠲᠡᠨᠲᠡ ᠮᠤᠷᠢ ᠤᠨᠤᠭᠠ ᠡᠯᠲᠡᠩ᠂ ᠡᠯᠵᠢᠭᠡ ᠵᠢ ᠲᠤᠭᠤᠵᠤ ᠬᠠᠷᠠᠬᠤ ᠦᠭᠡᠢ ; | ᠬᠤᠶᠠᠷ ᠲᠤ ᠲᠡᠨᠲᠡᠬᠢ ᠬᠦᠢᠲᠡᠨ ᠠᠭᠤᠷ ᠠᠮᠢᠰᠬᠤᠯ ᠡᠯᠵᠢᠭᠡ ᠲᠡᠵᠢᠭᠡᠬᠦ ᠳ᠋ᠤ ᠦᠯᠦ ᠲᠤᠬᠢᠬᠤ ᠯᠤᠭᠠ ᠬᠤᠯᠪᠤᠭᠠᠲᠠᠢ᠃ | ᠮᠢᠨᠤ ᠨᠤᠲᠤᠬ ᠬᠦᠷᠢᠶᠡ ᠬᠤᠰᠢᠭᠤᠨ ᠤ ᠬᠤᠢᠢᠳᠤ ᠪᠡᠶᠡ᠂ ᠬᠦᠷᠢᠶᠡ᠂ ᠨᠠᠢᠮᠠᠨ᠂ ᠪᠢᠨᠭᠲᠦ ᠭᠤᠷᠪᠠᠨ ᠬᠤᠰᠢᠭᠤᠨ ᠤ | ᠠᠭᠤᠯᠵᠠᠷ᠃ ᠠᠯᠢ ᠡᠷᠲᠡᠨ ᠡᠴᠡ ᠤᠲᠤᠮ ᠤᠨ ᠰᠠᠢᠢᠬᠠᠨ ᠮᠤᠨᠭᠭᠤᠯ ᠨᠤᠲᠤᠬ ᠪᠠᠢᠢᠬᠰᠠᠨ᠃ ᠮᠠᠨᠵᠤ ᠴᠢᠩ ᠤᠨ ᠰᠡᠬᠦᠯᠴᠢ᠂ | ᠲᠤᠮᠲᠠᠳᠤ ᠢᠷᠭᠡᠨ ᠤᠯᠤᠰ ᠤᠨ ᠡᠬᠢᠨ ᠵᠢᠡᠷ ᠮᠤᠨᠭᠭᠤᠯ ᠨᠤᠲᠤᠬ ᠤᠨ ᠭᠠᠵᠠᠷ ᠲᠡᠭᠡᠰᠦᠯᠡᠭᠲᠡᠵᠦ᠂ ᠲᠠᠷᠢᠶᠠᠴᠢᠳ ᠶᠡᠬᠡ ᠲᠦᠷᠢᠵᠦ | ᠤᠷᠤᠵᠤ ᠢᠷᠡᠬᠦ ᠵᠢᠨ ᠦᠶᠡᠰ ᠵᠢᠡᠷ ᠠᠷᠭᠠ ᠦᠭᠡᠢ ᠲᠠᠷᠢᠶᠠᠯᠠᠬᠤ ᠰᠤᠶᠤᠯ ᠳ᠋ᠤ ᠶᠡᠭᠡᠲᠡ ᠡᠵᠡᠯᠡᠭᠲᠡᠵᠦ ᠂ ᠶᠠᠪᠤᠭᠠ ᠶᠠᠪᠤᠭᠠᠨ | ᠳ᠋ᠠᠭᠠᠨ ᠬᠠᠭᠠᠰ ᠮᠠᠯᠵᠢᠬᠤ ᠬᠠᠭᠠᠰ ᠲᠠᠷᠢᠶᠠᠯᠠᠬᠤ ᠤᠷᠤᠨ ᠪᠤᠯᠤᠬᠰᠠᠨ ᠳ᠋ᠠᠬ᠃ ᠭᠡᠬᠦ ᠳ᠋ᠤ ᠮᠢᠨᠤ ᠨᠤᠲᠤᠬ ᠮᠦᠨ ᠤᠯᠠᠨ ᠠᠳᠤᠭᠤ | ᠲᠠᠢ ᠪᠠᠢᠢᠬᠰᠠᠨ᠂ ᠮᠠᠨ ᠤ ᠪᠠᠷᠢᠭᠠᠲᠠ ᠪᠡᠷ ᠬᠡᠯᠡᠬᠦ ᠳ᠋ᠤ ᠂ ᠲᠡᠭᠡᠷᠡ ᠵᠠᠭᠤᠨ ᠤ ᠲᠠᠯᠠᠭᠠᠳ ᠤᠨ ᠤ ᠦᠶᠡᠰ ᠵᠢᠡᠷ ᠬᠡᠲᠦᠨ | ᠠᠵᠢᠷᠭᠠ ᠠᠳᠤᠭᠤ ᠲᠠᠢ᠂ ᠮᠢᠨᠤ ᠤᠨᠠᠭᠠᠨ ᠪᠠᠭᠠ ᠵᠢᠨ ᠨᠠᠢᠢᠵᠠ ᠪᠠᠷᠢᠭᠠᠲᠠ ᠵᠢᠨ ᠠᠳᠤᠭᠤᠴᠢᠨ ᠭᠡᠵᠦ ᠠᠬᠲᠠ ᠵᠢᠨ ᠲᠡᠯ | ᠲᠡᠭᠡᠷᠡ ᠬᠡᠢᠢᠰᠭᠡᠵᠦ ᠶᠠᠪᠤᠵᠤ ᠪᠠᠢᠢᠬᠰᠠᠨ ᠰᠠᠢᠢᠨ ᠡᠷᠡ ᠪᠠᠢᠢᠲᠠᠬ᠃ ᠨᠢᠭᠡᠲᠦᠯ ᠤᠨ ᠨᠠᠭᠠᠳᠤᠮ ᠳ᠋ᠤ ᠮᠤᠷᠢ ᠤᠷᠤᠯᠳᠤᠲᠠᠬ᠂ ᠡᠯᠡᠰᠦ | ᠮᠠᠨᠭᠬᠠᠨ ᠨᠤᠲᠤᠭ ᠲᠤ ᠬᠦᠷᠢᠶᠡ ᠠᠪᠠ ᠬᠢᠬᠦ ᠳ᠋ᠤ ᠬᠡᠳᠤᠨ ᠵᠠᠭᠤᠨ ᠮᠤᠷᠢᠲᠠᠨ ᠵᠦᠭ ᠵᠦᠭ ᠡᠴᠡ ᠮᠤᠷᠢ ᠲᠠᠪᠬᠢᠭᠤᠯᠤᠨ ᠤᠷᠤᠵᠤ | ᠢᠷᠡᠵᠦ ᠪᠠᠢᠢᠬᠰᠠᠨ ᠲᠡᠷᠡ ᠬᠦ ᠰᠦᠷ ᠵᠢᠪᠬᠤᠭᠠᠳᠤ ᠦᠵᠡᠭᠲᠡᠯ ᠢ ᠪᠢ ᠨᠢᠲᠦ ᠪᠡᠷ ᠵᠢᠡᠨ ᠬᠠᠷᠠᠵᠤ ᠪᠠᠢᠢᠬᠰᠠᠨ ᠰᠠᠨ᠃ ᠮᠠᠨ ᠤ | ᠬᠦᠷᠢᠶᠡ ᠂ ᠮᠤᠨᠭᠭᠤᠯᠵᠢᠨ ᠳ᠋ᠤ ᠡᠯᠵᠢᠭᠡ ᠤᠷᠤᠯᠳᠤᠲᠠᠭ ᠢ ᠨᠢ ᠪᠢ ᠬᠠᠷᠠᠭᠠ ᠦᠭᠡᠢ᠂ ᠭᠡᠪᠡᠴᠦ ᠬᠦᠷᠢᠶᠡ ᠬᠤᠰᠢᠭᠤᠨ ᠤ | 《ᠰᠠᠢᠢᠨ ᠤᠨᠤᠭᠠ ᠨᠢ ᠰᠠᠭᠠᠷᠠᠯ ᠡᠯᠵᠢᠭᠡ᠂ ᠰᠠᠢᠢᠨ ᠪᠤᠲᠠᠭᠠ ᠨᠢ ᠰᠠᠭᠠᠭ ᠤᠨ ᠭᠤᠯᠢᠷ》ᠭᠡᠲᠡᠭ ᠨᠢ ᠤᠷᠤ ᠦᠭᠡᠢ ᠦᠭᠡ | ᠪᠢᠰᠢ᠂ ᠠᠢᠢᠯ ᠭᠡᠷ ᠤᠨ ᠠᠵᠢᠯ ᠠᠮᠢᠲᠤᠷᠠᠯᠭᠠ ᠳ᠋ᠤ ᠡᠯᠵᠢᠭᠡ ᠲᠤᠲᠠᠬᠲᠠᠵᠤ ᠪᠤᠯᠤᠰᠢ ᠦᠭᠡᠢ ᠰᠠᠢᠢᠨ ᠡᠳ᠋ ᠡ ! ᠠᠵᠢᠭᠠᠳ | ᠪᠠᠢᠢᠬᠤ ᠳ᠋ᠤ ᠂ ᠡᠯᠵᠢᠭᠡ ᠰᠠᠭᠤᠷᠢᠰᠢᠬᠰᠠᠨ ᠠᠵᠤ ᠠᠮᠢᠲᠤᠷᠠᠯ ᠯᠤᠭᠠ ᠨᠢᠬᠲᠠ ᠬᠠᠷᠢᠴᠠᠭᠠ ᠬᠤᠯᠪᠤᠭᠠᠲᠠᠢ ᠪᠦᠭᠡᠳ ᠶᠠᠲᠠᠭᠤ | ᠬᠦᠮᠦᠨ ᠳᠤ ᠰᠢᠲᠠᠷᠯᠠᠨ ᠵᠠᠷᠤᠭᠲᠠᠲᠠᠭ ᠨᠢ ᠢᠯᠡᠬᠦᠦ᠂ ᠶᠠᠲᠠᠭᠤ ᠲᠠᠷᠲᠠᠭᠤ ᠠᠢᠢᠯ ᠲᠡᠷᠡ ᠪᠦᠬᠦᠨ ᠮᠤᠷᠢ ᠡᠳ᠋ᠯᠡᠭᠡᠳ ᠪᠤᠯᠲᠠᠬ ᠪᠢᠰᠢ | ᠶᠤᠮ ᠬᠤᠢᠢᠨᠠ᠂ ᠨᠢᠭᠡ ᠰᠠᠢᠢᠨ ᠡᠯᠵᠢᠭᠡ ᠲᠠᠢ ᠶᠤᠮ ᠪᠤᠯ ᠢᠩ ᠲᠤᠭᠤᠰᠤᠨ ᠳ᠋ᠤ ᠬᠦᠯᠬᠦ᠂ ᠲᠡᠷᠭᠡᠨ ᠳ᠋ᠤ ᠬᠦᠯᠬᠦ᠂ ᠠᠨᠵᠢᠰᠤᠨ | ᠳ᠋ᠤ ᠬᠦᠯᠬᠦ᠂ ᠤᠢᠢᠷᠠ ᠵᠠᠭᠤᠷᠠ ᠤᠨᠤᠬᠤ᠂ ᠠᠴᠢᠶᠠ ᠵᠦᠭᠡᠭᠡᠪᠷᠢ ᠳ᠋ᠤ ᠶᠠᠪᠤᠬᠤ ᠮᠡᠲᠦ ᠵᠢᠨ ᠦᠷᠭᠡᠨ ᠬᠡᠷᠡᠭᠴᠡᠭᠡ ᠲᠠᠢ᠃ ᠲᠡᠭᠡᠬᠦ | ᠮᠦᠷᠲᠡᠭᠡᠨ ᠡᠯᠵᠢᠭᠡ ᠨᠤᠮᠤᠬᠠᠨ ᠪᠤᠯᠬᠤᠷ ᠦᠬᠢᠳ ᠡᠮᠡᠰ ᠬᠡᠦᠬᠡᠳ ᠱᠤᠤᠬᠠᠳ ᠪᠦᠷ ᠤᠨᠤᠵᠤ ᠡᠳ᠋ᠯᠡᠵᠦ ᠪᠤᠯᠲᠠᠬ᠂ 《ᠶᠡᠬᠡ | ᠬᠠᠮᠳᠤᠷᠠᠯ 》 ᠤᠨ ᠦᠶᠡ ᠳ᠋ᠤ ᠦᠢᠯᠡᠳᠪᠦᠷᠢᠯᠡᠯ ᠤᠨ ᠪᠠᠷᠢᠭᠠᠲᠠ ᠵᠢᠨ ᠡᠯᠵᠢᠭᠡ ᠵᠢ ᠬᠡᠨ ᠨᠢ ᠴᠤ ᠤᠯᠤᠭᠠᠳ ᠠᠪᠤᠪᠠᠯ ᠭᠠᠮ | ᠦᠭᠡᠢ ᠵᠠᠷᠤᠨᠠ᠂ ᠢᠨᠭ᠍ᠭᠢᠬᠦᠯᠡᠷ ᠬᠡᠨ ᠳ᠋ᠤ ᠴᠤ ᠭᠡᠮ ᠦᠭᠡᠢ ᠵᠠᠷᠤᠬᠲᠠᠲᠠᠭ ᠨᠤᠮᠤᠬᠠᠨ ᠬᠦᠮᠦᠨ ᠢ 《ᠪᠠᠷᠢᠭᠠᠲᠠ ᠵᠢᠨ | ᠡᠯᠵᠢᠭᠡ》ᠭᠡᠵᠦ ᠬᠤᠴᠢᠯᠠᠲᠠᠭ ᠦᠯᠢᠭᠡᠷ ᠭᠠᠷᠤᠬᠰᠠᠨ ᠪᠠᠢᠢᠲᠠᠬ᠃ | ᠨᠠᠮᠠᠢᠢ ᠪᠠᠭᠠ ᠳ᠋ᠤ ᠮᠠᠨ ᠤ ᠨᠢᠭᠡ ᠪᠤᠷᠤ ᠰᠠᠭᠠᠷᠠᠯ ᠡᠯᠵᠢᠭᠡ ᠲᠠᠢ ᠪᠠᠢᠢᠬᠰᠠᠨ ᠰᠠᠨ᠂ ᠨᠡᠯᠢᠶᠡᠳ ᠵᠢᠯ ᠮᠠᠨ ᠤ ᠭᠡᠷ ᠲᠤ | ᠬᠦᠴᠦ ᠪᠡᠨ ᠦᠭ᠍ᠴᠡᠢ᠃ ᠠᠷᠪᠠᠲᠠᠢ ᠪᠠᠢᠢᠬᠰᠠᠨ ᠲᠡᠷᠡ ᠵᠢᠯ ᠤᠨ ᠨᠠᠮᠤᠷ ᠪᠢᠯᠡ᠃ ᠨᠠᠮᠤᠷ ᠤᠨ ᠰᠡᠭᠦᠯᠴᠢ ᠵᠢᠨ ᠨᠢᠭᠡ ᠡᠲᠦᠷ ᠮᠦᠮᠦ | ᠮᠢᠨᠢ ᠨᠠᠮᠠ ᠵᠢ ᠲᠠᠭᠠᠭᠤᠯᠵᠤ ᠪᠤᠷᠤ ᠰᠠᠷᠠᠯ ᠡᠯᠵᠢᠭᠡ ᠪᠡᠷ ᠵᠢᠡᠨ 40 ᠤ ᠭᠠᠵᠠᠷ ᠤᠨ ᠴᠠᠭᠠᠨᠠ ᠪᠠᠢᠢᠬᠤ ᠪᠢᠨᠭᠳᠤ ᠵᠢᠨ | ᠬᠤᠰᠢᠭᠤᠨ ᠳ᠋ᠤ ᠨᠠᠭᠠᠴᠤ ᠲᠡᠭᠡᠷᠡ ᠤᠴᠢᠬᠤ ᠪᠡᠷ ᠶᠠᠪᠤᠬᠰᠠᠨ ᠶᠤᠮ᠃ ᠵᠠᠮ ᠬᠠᠭᠠᠰ ᠰᠢᠬᠠᠭᠤ ᠪᠢᠴᠢᠭᠲᠦ ᠵᠢᠨ ᠶᠡᠬᠡ ᠲᠠᠯᠠ ᠳ᠋ᠤ | ᠤᠷᠤᠬᠤ ᠪᠡᠷ ᠶᠡᠬᠡ ᠵᠤᠵᠠᠭᠠᠨ ᠮᠠᠨᠠᠨ ᠭᠠᠷᠴᠤ᠂ ᠠᠭᠠᠷ ᠤᠨ ᠨᠠᠷᠠ ᠵᠢ ᠬᠠᠯᠬᠠᠯᠠᠨ ᠵᠦᠭ ᠴᠢᠭ᠌ ᠵᠢᠡᠨ ᠤᠯᠬᠤ ᠦᠭᠡᠢ ᠪᠤᠯᠪᠠ᠃ | 《ᠵᠠ᠂ ᠶᠠᠭᠠᠬᠢᠬᠤᠪ ? ᠡᠯᠵᠢᠬᠡᠨ ᠤ ᠮᠡᠲᠡᠯ ᠳ᠋ᠤ ᠯᠡ ᠦᠭ᠍ᠭᠦᠶᠡ᠂ ᠡᠨᠡ ᠬᠠᠮᠢᠭᠠᠰᠢ ᠶᠠᠪᠤᠪᠠᠯ ᠲᠡᠨᠲᠡ ᠨᠢ ᠬᠦᠷᠦᠶᠡ》ᠭᠡᠵᠦ | ᠮᠦᠮᠦ ᠬᠡᠯᠡᠬᠦᠯᠡᠷ᠂ ᠬᠤᠶᠠᠭᠤᠯᠠ ᠡᠯᠵᠢᠭᠡ ᠪᠡᠨ ᠰᠤᠨᠲᠠᠯᠠᠵᠤ ᠤᠨᠤᠭᠠᠳ ᠶᠠᠪᠤᠯᠠ᠃ ᠬᠡᠲᠦᠢ ᠴᠦ ᠶᠠᠪᠤᠬᠰᠠᠨ ᠢ ᠪᠤᠤ ᠮᠡᠲᠡ᠂ | ᠭᠡᠨᠡᠦᠡᠲᠡ ᠮᠠᠨᠠᠨ ᠰᠢᠨᠭ᠍ᠭᠡᠷᠡᠬᠡᠳ ᠦᠵᠡᠬᠦᠯᠡᠷ᠂ ᠪᠢᠲᠡ ᠬᠠᠷᠢᠨ ᠨᠠᠭᠠᠴᠤ ᠵᠢᠨ ᠠᠢᠢᠯ ᠡᠴᠡ ᠤᠢᠢᠷᠬᠠᠨ ᠬᠦᠷᠴᠢᠬᠡᠭ᠍ᠰᠡᠨ ᠠᠵᠢ᠃ | 《ᠬᠦᠭ᠍ᠰᠢᠨ ᠮᠤᠷᠢ ᠵᠠᠮ ᠲᠠᠨᠢᠨᠠ》ᠭᠡᠲᠡᠭ ᠦᠭᠡ ᠪᠤᠢ᠂ ᠬᠠᠷᠢᠨ ᠬᠦᠭ᠍ᠰᠢᠨ ᠡᠯᠵᠢᠭᠡ ᠴᠤ ᠵᠠᠮ ᠲᠠᠨᠢᠲᠠᠬ ᠶᠤᠮ ᠪᠠᠢᠢᠨᠠ | ᠰᠢᠦ᠂ ᠡᠬᠦᠨ ᠡᠴᠡ ᠨᠢ ᠲᠦᠷᠦᠬᠦᠦ ᠮᠦᠮᠦ ᠮᠠᠨᠢ ᠪᠤᠷᠤ ᠡᠯᠵᠢᠭᠡ ᠪᠡᠷ ᠵᠢᠡᠨ ᠨᠠᠭᠠᠴᠤ ᠵᠢᠨ ᠳ᠋ᠤ ᠬᠡᠲᠦ ᠤᠲᠠᠭᠠ ᠤᠴᠢᠵᠤ | ᠦᠨᠭ᠍ᠭᠡᠷᠡᠭᠰᠡᠨ ᠪᠠᠢᠢᠲᠠᠬ ᠡᠴᠡ ᠪᠤᠯᠪᠠ ᠤᠤ?1965 ᠤᠨ ᠤ ᠨᠠᠮᠤᠷ ᠪᠢ ᠦᠪᠦᠷ ᠮᠤᠨᠭᠭᠤᠯ ᠤᠨ ᠮᠤᠨᠭᠭᠤᠯ ᠬᠡᠯᠡ | ᠪᠢᠴᠢᠭ᠌ ᠤᠨ ᠲᠤᠰᠬᠠᠢ ᠮᠡᠷᠭᠡᠵᠢᠯ ᠤᠨ ᠰᠤᠷᠭᠠᠭᠤᠯᠢ ᠳ᠋ᠤ ᠰᠢᠯᠭᠠᠭᠤᠯᠵᠤ ᠡᠯᠰᠡᠭ᠍ᠲᠡᠭᠡᠳ᠂ ᠬᠦᠬᠡᠬᠤᠲᠠ ᠳ᠋ᠤ ᠶᠠᠪᠤᠬᠤ ᠳ᠋ᠤ ᠠᠪᠤ ᠮᠢᠨᠢ | ᠮᠦᠨ ᠯᠡ ᠨᠦᠬᠦᠭᠡ ᠪᠤᠷᠤ ᠰᠠᠭᠠᠷᠠᠯ ᠡᠯᠵᠢᠭᠡᠨ ᠳ᠋ᠡᠭᠡᠨ ᠮᠢᠨᠤ ᠤᠷᠤ ᠬᠦᠨᠵᠢᠯᠡ ᠡᠨᠡ ᠲᠡᠷᠡ ᠵᠢ ᠠᠴᠢᠵᠤ᠂ 100 ᠢᠯᠡᠬᠦᠦ | ᠬᠤᠯᠠ ᠮᠠᠨᠭᠬᠠᠨ ᠵᠠᠮ ᠢ ᠰᠤᠨᠤᠮᠠ ᠨᠢᠭᠡ ᠡᠲᠦᠷ ᠠᠯᠬᠤᠵᠤ ᠨᠠᠮᠠᠢᠢ ᠬᠤᠰᠢᠭᠤᠨ ᠲᠡᠭᠡᠷᠡ ᠬᠦᠷᠭᠡᠵᠦ ᠦᠭ᠍ᠭᠦᠭ᠍ᠰᠡᠨ ᠪᠢᠯᠡ᠃ | ᠨᠡᠢᠢᠭᠡᠮ ᠴᠠᠬ ᠡᠷᠡᠨ ᠤ ᠴᠤᠴᠠᠷ ᠬᠦᠭ᠍ᠵᠢᠯ ᠲᠠᠪᠰᠢᠯᠲᠠ ᠡᠴᠡ ᠪᠤᠯᠵᠤ᠂ ᠤᠨᠤᠭᠠ ᠬᠦᠯᠪᠦᠷᠢ ᠠᠴᠢᠶᠠ ᠵᠦᠭᠡᠭᠡᠪᠷᠢ ᠳ᠋ᠤ | ᠡᠯᠵᠢᠭᠡ ᠪᠠᠢᠢᠳᠤᠭᠠᠢ᠂ ᠮᠤᠷᠢ᠂ ᠦᠬᠡᠷ ᠴᠦ ᠦᠢᠯᠡᠲᠦᠯ ᠵᠢᠡᠨ ᠠᠯᠲᠠᠵᠤ ᠡᠬᠢᠯᠡᠭᠰᠡᠨ᠃ ᠭᠡᠬᠦ ᠳ᠋ᠤ ᠰᠡᠬᠦᠯ ᠤᠨ ᠵᠢᠯ ᠤᠳ ᠲᠤ | ᠡᠯᠵᠢᠭᠡ ᠲᠡᠵᠢᠭᠡᠬᠦ ᠦᠢᠯᠡᠰ ᠮᠦᠨ ᠬᠤᠷᠲᠤᠴᠠ ᠠᠪᠴᠤ ᠬᠦᠭ᠍ᠵᠢᠭᠰᠡᠭᠡᠷ ᠪᠠᠢᠢᠨᠠ᠃ ᠢᠲᠡᠵᠦ ᠤᠤᠭᠤᠬᠤ ᠬᠠᠭᠤᠷᠤᠯᠭᠠ | ᠬᠠᠭᠠᠷᠢᠯᠭᠠ ᠵᠢᠨ ᠤᠷᠠ ᠤᠬᠠᠭᠠᠨ᠂ ᠲᠦᠷᠦᠯ ᠵᠦᠢᠯ ᠤᠨ ᠡᠯᠪᠡᠭ᠌ ᠲᠡᠯᠪᠡᠭ᠌ ᠵᠢᠡᠷ ᠡᠨᠡ ᠲᠡᠯᠡᠬᠡᠢ ᠳ᠋ᠤ ᠬᠢᠲᠠᠳ ᠡᠴᠡ ᠲᠠᠪᠠᠲᠠᠬ | ᠦᠨᠲᠦᠰᠦᠲᠡᠨ ᠪᠠᠢᠢᠲᠠᠬ ᠪᠢᠯᠢᠦ ? ᠬᠤᠶᠠᠷ ᠲᠠᠯᠠᠪᠴᠢ ᠲᠠᠢ ᠡᠴᠡ ᠨᠢᠰᠭᠡᠯ ᠡᠴᠡ ᠤᠨᠳᠤᠤ᠂ ᠲᠦᠷᠪᠡᠨ ᠬᠦᠯ ᠲᠠᠢ ᠡᠴᠡ | ᠰᠠᠨᠲᠠᠯᠢ ᠡᠴᠡ ᠤᠨᠳᠤᠤ ᠲᠡᠲᠡᠨᠤᠰ ᠤᠨ ᠮᠢᠬᠠ ᠵᠢ ᠨᠢ ᠢᠲᠡᠲᠡᠭ ᠦᠭᠡᠢ ᠶᠠᠭᠤᠮᠠ ᠪᠠᠢᠢᠬᠤ ᠦᠭᠡᠢ ᠭᠡᠲᠡᠭ᠃ 《ᠲᠡᠭᠷᠢ | ᠲᠡᠭᠡᠷᠡᠬᠢ ᠯᠤᠤ ᠵᠢᠨ ᠮᠢᠬᠠ᠂ ᠭᠠᠵᠠᠷ ᠲᠡᠭᠡᠷᠡᠬᠢ ᠡᠯᠵᠢᠭᠡᠨ ᠮᠢᠬᠠ》ᠭᠡᠲᠡᠭ ᠬᠢᠲᠠᠳ ᠤᠨ ᠬᠡᠯᠡᠴᠡ ᠦᠭᠡ ᠪᠤᠢ᠂ ᠡᠯᠵᠢᠭᠡᠨ | ᠮᠢᠬᠠ ᠵᠢ ᠲᠡᠲᠡ ᠶᠠᠨᠭᠵᠤ ᠪᠡᠷ ᠵᠤᠬᠢᠶᠠᠵᠤ ᠢᠲᠡᠨᠡ᠂ ᠬᠠᠯᠠᠭᠤᠨ ᠲᠤᠭᠤᠭᠠ᠂ ᠪᠢᠶᠠᠨᠭᠰᠢ᠂ ᠱᠠᠯᠪᠢᠩ᠂ ᠬᠠᠭᠤᠷᠠᠯᠭᠠ | ᠬᠠᠭᠠᠷᠢᠯᠭᠠ᠂ ᠬᠦᠢᠲᠡᠨ ᠨᠤᠭᠤᠭᠠ ᠭᠡᠬᠦ ᠮᠡᠲᠦ ᠃ ᠪᠢ ᠦᠪᠡᠷ ᠲᠡᠭᠡᠨ ᠡᠯᠵᠢᠭᠡᠨ ᠮᠢᠬᠠ ᠢᠲᠡᠲᠡᠭ ᠦᠭᠡᠢ ᠂ ᠡᠨᠡ ᠨᠢ ᠮᠢᠨᠤ | ᠬᠤᠪᠢ ᠬᠦᠮᠦᠨ ᠤ ᠢᠲᠡᠭᠡᠨ ᠤ ᠵᠠᠩ ᠡᠴᠡ ᠪᠢᠰᠢ᠂ ᠬᠦᠮᠦᠨ ᠦ ᠢᠲᠡᠬᠦ ᠵᠢ ᠪᠢ ᠶᠡᠷᠦᠨᠢ ᠡᠰᠡᠷᠭᠦᠴᠡᠲᠡᠭ ᠦᠭᠡᠢ᠃ ᠤᠳᠤ | ᠡᠯᠵᠢᠭᠡ ᠤᠨᠤᠭᠠ ᠬᠦᠯᠦᠰᠢ᠂ ᠠᠴᠢᠶᠠ ᠵᠦᠭᠡᠭᠡᠪᠦᠷᠢ ᠵᠢᠨ ᠬᠡᠷᠡᠭᠴᠡᠭᠡᠨ ᠡᠴᠡ ᠭᠠᠷᠤᠬᠰᠠᠨ ᠪᠤᠯᠪᠠᠴᠤ᠂ ᠠᠯᠠᠰᠢᠨ ᠢᠲᠡᠰᠢ ᠵᠢᠨ | ᠬᠤᠪᠢ ᠳ᠋ᠤ ᠡᠯᠵᠢᠭᠡ ᠲᠡᠵᠢᠭᠡᠨ ᠦᠷᠡᠵᠢᠬᠦᠯᠬᠦ ᠨᠢ ᠱᠠᠨᠳᠤᠢᠩ᠂ ᠾᠸᠪᠸᠢ᠂ ᠯᠢᠶᠤᠤᠨᠢᠩ ᠵᠡᠷᠭᠡ ᠮᠤᠵᠢ ᠵᠢᠨ ᠵᠠᠷᠢᠮ ᠰᠢᠶᠠᠨ᠂ | ᠪᠠᠯᠭᠠᠰᠤᠨ ᠤ ᠲᠡᠵᠢᠭᠡᠪᠦᠷᠢ ᠵᠢᠨ ᠠᠵᠤ ᠦᠢᠯᠡᠰ ᠤᠨ ᠭᠤᠤᠯ ᠠᠭᠤᠯᠭᠠ ᠪᠤᠯᠵᠤ᠂ ᠲᠠᠷᠢᠶᠠᠴᠢᠳ ᠤᠨ ᠤᠷᠤᠯᠭᠠ ᠪᠠᠨ | ᠨᠡᠮᠡᠭᠲᠡᠬᠦᠯᠬᠦ ᠴᠢᠬᠤᠯᠠ ᠢᠷᠡᠯᠲᠡ ᠪᠤᠯᠤᠬᠰᠠᠨ ᠪᠠᠢᠢᠨᠠ᠃ | ᠡᠯᠵᠢᠭᠡ ᠬᠢᠲᠤᠭᠠᠨ ᠲᠤᠤᠷᠠᠬᠢ ᠠᠯᠠᠰᠢ᠂ ᠡᠯᠵᠢᠭᠡᠨ ᠮᠢᠬᠠ ᠬᠤᠭᠤᠯᠠᠨ ᠰᠢᠷᠡᠭᠡᠨ ᠲᠡᠭᠡᠷᠡᠬᠢ ᠵᠠᠭᠤᠰᠢ ᠪᠤᠯᠬᠤ ᠨᠢ ᠡ᠃ | ᠵᠠ᠂ ᠶᠠᠭᠠᠬᠢᠬᠤ ᠪᠤᠢ᠃ ᠠᠳᠤᠭᠤᠰᠤ ᠶᠤᠮ ᠴᠢᠨᠢ ! | |