12 ᠰᠠᠷᠠ ᠶᠢᠨ 8 ᠤ ᠡᠳᠦᠷ᠂ ︽ᠠᠪᠠᠭ᠋ᠠᠨᠠᠷ ᠱᠠᠭᠠ ᠰᠤᠶᠤᠯ ᠤᠨ ᠦᠷᠦᠭᠡ︾ ᠶᠢᠨ ᠡᠷᠬᠢᠯᠡᠭᠴᠢ ᠰᠢᠯᠢᠩᠬᠤᠳᠠ ᠶᠢᠨ | ᠪᠠᠶᠠᠨᠰᠢᠯᠢ ᠮᠠᠯᠵᠢᠯ ᠤᠨ ᠲᠠᠯᠠᠪᠠᠢ ᠶᠢᠨ ᠲᠤᠭᠤᠷ ᠤᠨ ᠲᠠᠯᠠ ᠬᠤᠪᠢᠶᠠᠷᠢ ᠲᠠᠯᠠᠪᠠᠢ ᠶᠢᠨ ᠮᠠᠯᠴᠢᠨ ᠰᠤᠶᠤᠯᠴᠡᠴᠡᠭ ᠦᠭᠡᠷᠡᠴᠢᠯᠡᠯᠲᠠ | ᠨᠡᠭᠡᠭᠡᠯᠲᠡ ᠬᠢᠭᠰᠡᠨ 40 ᠵᠢᠯ ᠤᠨ ᠤᠢ ᠶᠢ ᠪᠡᠯᠭᠡᠯᠡᠨ᠂ ᠦᠷᠭᠡᠨ ᠤᠯᠠᠨ ᠮᠠᠯᠴᠢᠳ ᠤᠨ ᠡᠪᠦᠯ ᠤᠨ ᠤᠯᠠᠷᠢᠯ ᠤᠨ ᠠᠵᠢᠯ ᠤᠨ | ᠴᠢᠯᠦᠭᠡᠨ ᠤ ᠰᠤᠶᠤᠯ ᠤᠷᠠᠯᠢᠭ ᠤᠨ ᠠᠮᠢᠳᠤᠷᠠᠯ ᠢ ᠪᠠᠶᠠᠯᠢᠬᠵᠢᠭᠤᠯᠤᠨ᠂ ᠮᠤᠩᠭᠤᠯ ᠦᠨᠳᠦᠰᠦᠳᠡᠨ ᠤ ᠤᠯᠠᠮᠵᠢᠯᠠᠯᠲᠤ ᠨᠠᠭᠠᠳᠤᠮ | ᠲᠤᠬᠯᠠᠭᠠᠮ ᠢᠶᠠᠨ ᠤᠯᠠᠮ ᠴᠢᠨᠠᠬᠰᠢᠳᠠ ᠤᠯᠠᠮᠵᠢᠯᠠᠨ ᠬᠦᠭᠵᠢᠭᠦᠯᠬᠦ ᠵᠤᠷᠢᠯᠭᠠ ᠪᠠᠷ᠂ ᠰᠢᠯᠢᠩᠬᠤᠲᠠ ᠳᠠᠬᠢ ᠱᠠᠭᠠ ᠰᠤᠶᠤᠯ ᠤᠨ | ᠦᠷᠦᠭᠡᠨ ᠳᠡᠭᠡᠨ ᠳᠤᠯᠤᠳᠤᠭᠠᠷ ᠤᠳᠠᠭᠠ ᠶᠢᠨ ᠱᠠᠭᠠ ᠨᠠᠭᠠᠳᠤᠮ ᠤᠨ ᠤᠷᠤᠯᠳᠤᠭᠠᠨ ᠶᠠᠪᠤᠭᠤᠯᠵᠦ ᠮᠠᠯᠴᠢᠳ ᠢᠶᠠᠨ | ᠪᠠᠶᠠᠰᠠᠬᠯᠠ᠃ | ᠤᠷᠤᠯᠳᠤᠭᠠᠨ ᠳᠤ᠂ ᠰᠢᠯᠢᠩᠬᠤᠳᠠ ᠤᠷᠤᠨ ᠤ ᠡᠯᠠ ᠭᠠᠴᠠᠭᠠ ᠰᠤᠮᠤ᠂ ᠪᠠᠯᠭᠠᠰᠦ᠂ ᠮᠠᠯᠵᠢᠯ ᠤᠨ ᠲᠠᠯᠠᠪᠠᠢ ᠶᠢᠨ | ᠮᠠᠯᠴᠢᠳ 100 ᠭᠠᠷᠤᠢ ᠨᠠᠭᠠᠳᠤᠮᠴᠢᠨ ᠤᠷᠤᠯᠴᠠᠵᠦ᠂ ᠱᠠᠭᠠ ᠨᠢᠰᠠᠯᠬᠤ᠂ ᠠᠷᠤ ᠤᠨᠳᠤᠭᠤ ᠠᠪᠬᠤ ᠬᠤᠶᠠᠷ ᠵᠦᠢᠯ ᠤᠨ | ᠤᠷᠤᠯᠳᠤᠭᠠᠨ ᠶᠠᠪᠤᠭᠤᠯᠪᠠ᠃ ᠨᠢᠭᠡ ᠡᠳᠦᠷ ᠤᠨ ᠬᠦᠷ ᠬᠦᠭᠵᠢᠶᠡᠨ ᠲᠠᠢ ᠤᠷᠤᠯᠳᠤᠭᠠᠨ ᠢᠶᠠᠷ ᠱᠠᠭᠠ ᠨᠢᠰᠠᠯᠬᠤ | ᠤᠷᠤᠯᠳᠤᠭᠠᠨ ᠳᠤ ᠪᠠᠶᠠᠨᠪᠤᠯᠠᠭ ᠰᠤᠮᠤᠨ ᠤ ᠡᠩᠬᠡᠴᠡᠴᠡᠭ᠂ ᠪᠤᠯᠠᠭᠠᠨ ᠰᠤᠮᠤᠨ ᠤ ᠰᠠᠷᠠᠨᠠ᠂ ᠵᠢᠪᠵᠢᠮᠠ᠂ ᠪᠠᠶᠠᠨᠪᠤᠯᠠᠭ ᠰᠤᠮᠤᠨ ᠤ | ᠤᠶᠤᠨᠬᠤᠸᠠᠷ ᠡᠮᠦᠨᠠ ᠳᠦᠷᠪᠡ ᠳᠤ ᠤᠷᠤᠵᠦ᠂ ᠠᠷᠤ ᠤᠨᠳᠤᠭᠤ ᠠᠪᠬᠤ ᠤᠷᠤᠯᠳᠤᠭᠠᠨ ᠳᠤ᠂ ᠰᠢᠯᠢᠩᠬᠤᠲᠠ ᠶᠢᠨ ᠲᠤᠶᠠᠭᠠ | ᠲᠡᠷᠢᠭᠦᠯᠡᠵᠦ᠂ ᠪᠤᠯᠠᠭᠠᠨ ᠰᠤᠮᠤᠨ ᠤ ᠴᠤᠯᠮᠤᠨᠳᠤᠶᠠᠭᠠ᠂ ᠷᠠᠰᠢᠶᠠᠨᠪᠤᠯᠠᠭ ᠪᠠᠯᠭᠠᠰᠤᠨ ᠤ ᠰᠡᠴᠡᠨᠭᠡᠷᠡᠯ᠂ ᠪᠠᠶᠠᠨᠰᠢᠯᠢ ᠮᠠᠯᠵᠢᠯ ᠤᠨ | ᠲᠠᠯᠠᠪᠠᠢ ᠶᠢᠨ ᠮᠧᠳᠡᠭ ᠲᠤᠰ ᠲᠤᠰ ᠳᠡᠳ᠋ ᠠᠴᠠ ᠳᠦᠷᠪᠡ ᠳᠤ ᠵᠢᠬᠰᠠᠭᠠᠬᠳᠠᠭᠰᠡᠨ ᠪᠠᠶᠢᠨᠠ᠃ ᠡᠮᠦᠨᠠ 16 ᠨᠡᠷᠡ ᠳᠤ | ᠤᠷᠤᠬᠰᠡᠨ ᠨᠠᠭᠠᠳᠤᠮᠴᠢᠨ ᠳᠠᠭᠠᠨ ᠱᠠᠩᠨᠠᠯ ᠤᠯᠭᠤᠵᠦ ᠵᠤᠷᠢᠬᠵᠢᠭᠤᠯᠵᠠᠢ᠃ | |