ᠲᠤᠷᠰᠢᠯᠭᠠ ᠪᠠᠨ ᠳ᠋ᠦᠩᠨᠡᠨ ᠵᠢᠮᠠ ᠶᠤᠰᠤ ᠶᠢ ᠡᠵᠡᠮᠰᠢᠬᠦ ᠳᠤ ᠴᠢᠳᠠᠮᠠᠭᠠᠢ ᠪᠠᠶᠢᠬᠤ ᠪᠤᠯ ᠲᠤᠮᠳᠠᠳᠤ ᠤᠯᠤᠰ ᠤᠨ ᠡᠪ | ᠬᠠᠮᠳᠤᠴᠤᠳ ᠤᠨ ᠲᠡᠤᠬᠡᠨ ᠤᠬᠠᠮᠰᠠᠷ ᠪᠤᠯᠬᠤ ᠪᠦᠬᠡᠳ ᠪᠠᠰᠠ ᠴᠦ ᠮᠠᠨ ᠤ ᠨᠠᠮ ᠤᠨ ᠠᠵᠢᠯ ᠢᠶᠠᠨ ᠠᠬᠢᠭᠤᠯᠬᠤ ᠶᠢᠨ ᠡᠷᠳᠡᠨᠢ | ᠮᠥᠨ᠃ ︽ᠦᠭᠡᠷᠡᠴᠢᠯᠡᠯᠳᠠ ᠨᠡᠭᠡᠭᠡᠯᠳᠠ ᠬᠢᠭᠰᠡᠨ 40 ᠵᠢᠯ ᠤᠨ ᠬᠤᠷᠠᠮᠳᠤᠭᠤᠯᠤᠬᠰᠡᠨ ᠡᠷᠬᠢᠮ ᠨᠠᠨᠳᠢᠨ ᠲᠤᠷᠰᠢᠯᠭᠠ ᠪᠤᠯ ᠨᠠᠮ | ᠪᠠ ᠠᠷᠠᠳ ᠲᠦᠮᠡᠨ ᠤ ᠲᠦᠢᠯ ᠤᠨ ᠡᠷᠬᠢᠮ ᠨᠠᠨᠳᠢᠨ ᠤᠶᠤᠨ ᠰᠠᠨᠠᠭᠠᠨ ᠤ ᠦᠪ ᠬᠦᠷᠦᠩᠭᠡ ᠮᠦᠨ᠂ ᠰᠢᠨᠡ ᠴᠠᠭ ᠦᠶᠡ ᠳᠤ | ᠲᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠢ ᠪᠠᠷᠢᠮᠳᠠᠯᠠᠬᠤ ᠪᠠ ᠬᠦᠭᠵᠢᠬᠦᠯᠬᠦ ᠳᠤ ᠲᠦᠢᠯ ᠤᠨ ᠴᠢᠬᠤᠯᠠ | ᠵᠢᠯᠤᠭᠤᠳᠬᠤ ᠠᠴᠢ ᠬᠤᠯᠪᠤᠬᠳᠠᠯ ᠲᠠᠢ ᠶᠤᠮ︾᠃ ᠦᠬᠡᠷᠡᠴᠢᠯᠡᠯᠳᠠ ᠨᠡᠭᠡᠭᠡᠯᠳᠠ ᠬᠢᠭᠰᠡᠨ 40 ᠵᠢᠯ ᠤᠨ ᠤᠢ ᠶᠢ ᠪᠡᠯᠭᠡᠯᠡᠬᠦ | ᠶᠡᠭᠡ ᠬᠤᠷᠠᠯ ᠲᠡᠭᠡᠷᠡ᠂ ᠶᠡᠷᠤᠩᠭᠡᠢ ᠱᠦᠵᠢ ᠰᠢ ᠶᠢᠨ ᠫᠢᠩ ᠲᠡᠤᠭᠡᠨ ᠦᠨᠳᠦᠷᠴᠡ᠂ ᠪᠦᠬᠦ ᠲᠠᠯᠡ ᠶᠢᠨ ᠦᠨᠳᠦᠷᠴᠡ᠂ | ᠪᠠᠶᠢᠯᠳᠤᠬᠤ ᠪᠤᠳᠤᠯᠭᠠ ᠶᠢᠨ ᠦᠨᠳᠦᠷᠴᠡ ᠠᠴᠠ 40 ᠵᠢᠯ ᠤᠨ ᠡᠷᠬᠢᠮ ᠨᠠᠨᠳᠢᠨ ᠲᠤᠷᠰᠢᠯᠭᠠ ᠶᠢ ᠬᠦᠨᠵᠡᠭᠡᠢ ᠳ᠋ᠦᠡᠭᠨᠡᠭᠰᠡᠨ | ᠪᠦᠭᠡᠳ ᠲᠡᠬᠦᠨ ᠢ ︽ᠶᠢᠰᠤᠨ ᠡᠷᠬᠡᠪᠰᠢ ᠪᠠᠷᠢᠮᠳᠠᠯᠠᠬᠤ︾ ᠭᠡᠵᠤ ᠬᠤᠷᠢᠶᠠᠩᠭᠤᠢᠢᠯᠠᠪᠠ᠃ ᠡᠳᠡᠭᠡᠷ ᠴᠢᠬᠤᠯᠠ ᠦᠵᠡᠯ ᠰᠠᠨᠠᠭᠠ ᠨᠢ | ᠰᠢᠨᠡ ᠴᠠᠭ ᠦᠶᠡ ᠳᠤ ᠦᠭᠡᠷᠡᠴᠢᠯᠡᠯᠳᠠ ᠨᠡᠭᠡᠭᠡᠯᠳᠠ ᠶᠢ ᠦᠷᠬᠦᠯᠵᠢᠯᠡᠨ ᠤᠷᠤᠬᠰᠢ ᠠᠬᠢᠭᠤᠯᠬᠤ ᠴᠢᠬᠤᠯᠠ ᠶᠡᠭᠡ ᠤᠨᠤᠯ ᠤᠨ | ᠪᠠ ᠦᠢᠯᠡᠳᠦᠯᠭᠡ ᠶᠢᠨ ᠠᠰᠠᠭᠤᠯᠳᠠ ᠶᠢ ᠬᠠᠷᠢᠭᠤᠯᠪᠠ᠂ ᠡᠷᠬᠡᠪᠰᠢ ᠬᠤᠪᠢ ᠲᠠᠬᠢᠨ ᠢᠶᠠᠷ ᠨᠠᠨᠳᠢᠩᠨᠠᠵᠤ᠂ ᠤᠷᠳᠤ ᠬᠤᠭᠤᠴᠠᠭᠠ | ᠪᠡᠷᠢᠮᠳᠠᠯᠠᠵᠤ᠂ ᠦᠢᠯᠡᠳᠦᠯᠭᠡ ᠶᠢᠨ ᠲᠤᠮᠳᠠ ᠲᠠᠰᠤᠷᠠᠯᠳᠠ ᠦᠭᠡᠢ ᠪᠠᠶᠠᠯᠢᠬᠵᠢᠭᠤᠯᠤᠨ ᠬᠦᠭᠵᠢᠬᠦᠯᠬᠦ ᠭᠡᠷᠡᠭᠳᠠᠢ᠃ | 40 ᠵᠢᠯ ᠤᠨ ᠲᠤᠷᠰᠢ᠂ ᠮᠠᠨ ᠤ ᠨᠠᠮ ᠠᠷᠠᠳ ᠲᠦᠮᠡᠨ ᠢ ᠲᠠᠭᠠᠭᠤᠯᠤᠨ ᠶᠢᠷᠳᠢᠨᠴᠤ ᠶᠢᠨ ᠭᠠᠶᠢᠬᠠᠮᠰᠢᠭ ᠢ ᠡᠬᠦᠳᠴᠤ᠂ | ᠨᠡᠩ ᠴᠤ ᠡᠷᠬᠢᠮ ᠨᠠᠨᠳᠢᠨ ᠲᠤᠷᠰᠢᠯᠭᠠ ᠬᠤᠷᠠᠮᠳᠤᠭᠤᠯᠪᠠ᠃ ᠡᠷᠬᠡᠪᠰᠢ ᠠᠯᠢᠪᠠ ᠠᠵᠢᠯ ᠳᠠᠬᠢ ᠨᠠᠮ ᠤᠨ ᠤᠳᠤᠷᠢᠳᠤᠯᠭᠠ ᠶᠢ | ᠪᠠᠷᠢᠮᠳᠠᠯᠠᠵᠤ᠂ ᠨᠠᠮ ᠤᠨ ᠤᠳᠤᠷᠢᠳᠤᠯᠭᠠ ᠶᠢ ᠲᠠᠰᠤᠷᠠᠯᠳᠠ ᠦᠭᠡᠢ ᠴᠢᠩᠭᠠᠳᠬᠠᠬᠤ ᠪᠠ ᠰᠠᠶᠢᠵᠢᠷᠠᠭᠤᠯᠬᠤ ᠭᠡᠷᠡᠭᠳᠠᠢ︔ ᠡᠷᠬᠡᠪᠰᠢ | ᠠᠷᠠᠳ ᠲᠦᠮᠡᠨ ᠢᠶᠠᠷ ᠭᠤᠤᠯ ᠪᠤᠯᠭᠠᠬᠤ ᠶᠢ ᠪᠠᠷᠢᠮᠳᠠᠯᠠᠵᠤ᠂ ᠠᠷᠠᠳ ᠲᠦᠮᠡᠨ ᠤ ᠰᠠᠶᠢᠨ ᠰᠠᠶᠢᠬᠠᠨ ᠠᠮᠢᠳᠤᠷᠠᠯ ᠤᠨ ᠲᠤᠬᠠᠢ | ᠬᠦᠰᠡᠯ ᠡᠷᠡᠮᠡᠯᠵᠡᠯ ᠢ ᠲᠠᠰᠤᠷᠠᠯᠳᠠ ᠦᠭᠡᠢ ᠪᠠᠶᠠᠯᠡᠬᠦᠯᠬᠦ ᠭᠡᠷᠡᠭᠳᠠᠢ︔ ᠡᠷᠬᠡᠪᠰᠢ ᠮᠠᠷᠺᠰ ᠤᠨ ᠦᠵᠡᠯ ᠤᠨ ᠵᠢᠯᠤᠭᠤᠳᠬᠤ ᠪᠠᠶᠢᠷᠢ | ᠰᠠᠭᠤᠷᠢ ᠶᠢ ᠪᠠᠷᠢᠮᠳᠠᠯᠠᠵᠥ᠂ ᠦᠢᠯᠡᠳᠤᠯᠬᠡ ᠶᠢᠨ ᠰᠠᠭᠤᠷᠢᠨ ᠲᠡᠬᠡᠷᠡᠬᠢ ᠤᠨᠤᠯ ᠤᠨ ᠰᠢᠨᠡᠴᠢᠯᠡᠯᠳᠡ ᠶᠢ ᠲᠠᠰᠤᠷᠠᠯᠳᠡ ᠦᠭᠡᠢ | ᠠᠬᠢᠭᠤᠯᠬᠤ ᠬᠡᠷᠡᠭᠳᠡᠢ︔ ᠡᠷᠬᠡᠪᠰᠢ ᠲᠤᠮᠳᠠᠳᠤ ᠤᠯᠤᠰ ᠤᠨ ᠤᠠᠴᠠᠯᠢᠭ ᠲᠠᠢ ᠨᠡᠶᠢᠬᠡᠮ ᠵᠢᠷᠤᠮ ᠤᠨ ᠵᠠᠮ ᠢ ᠪᠠᠷᠢᠮᠳᠠᠯᠠᠵᠥ᠂ | ᠲᠤᠮᠳᠠᠳᠤ ᠤᠯᠤᠰ ᠤᠨ ᠤᠠᠴᠠᠯᠢᠭ ᠲᠠᠢ ᠨᠡᠶᠢᠬᠡᠮ ᠵᠢᠷᠤᠮ ᠢ ᠲᠠᠰᠤᠷᠠᠯᠳᠡ ᠦᠭᠡᠢ ᠪᠠᠷᠢᠮᠳᠠᠯᠠᠬᠤ ᠪᠡ ᠬᠦᠭᠵᠢᠬᠦᠯᠬᠦ ᠬᠡᠷᠡᠭᠳᠡᠢ︔ | ᠡᠷᠬᠡᠪᠰᠢ ᠲᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮᠳᠤ ᠪᠠᠶᠢᠭᠤᠯᠤᠯ ᠢ ᠲᠡᠬᠦᠯᠳᠡᠷᠵᠢᠬᠦᠯᠬᠦ ᠪᠠ ᠬᠦᠭᠵᠢᠬᠦᠯᠬᠦ ᠶᠢ | ᠪᠠᠷᠢᠮᠳᠠᠯᠠᠵᠥ᠂ ᠮᠠᠨ ᠤ ᠤᠯᠤᠰ ᠤᠨ ᠪᠠᠶᠢᠭᠤᠯᠤᠯ ᠤᠨ ᠲᠠᠪᠠᠭᠤᠯᠢᠭ ᠢ ᠲᠠᠰᠤᠷᠡᠯᠳᠡ ᠦᠭᠡᠢ ᠪᠠᠳᠠᠷᠠᠭᠤᠯᠬᠤ ᠪᠠ ᠴᠢᠩᠭᠠᠷᠠᠭᠤᠯᠬᠤ | ᠬᠡᠷᠡᠭᠳᠡᠢ︔ ᠡᠷᠬᠡᠪᠰᠢ ᠬᠦᠭᠵᠢᠯᠳᠡ ᠪᠠᠷ ᠲᠡᠷᠢᠬᠦᠨ ᠴᠢᠬᠤᠯᠠ ᠡᠬᠦᠷᠬᠡ ᠪᠤᠯᠭᠠᠬᠤ ᠶᠢ ᠪᠠᠷᠢᠮᠳᠠᠯᠠᠵᠥ᠂ ᠮᠠᠨ ᠤ ᠤᠯᠤᠰ ᠤᠨ | ᠶᠡᠷᠤᠩᠬᠡᠶᠢᠯᠡᠭᠰᠡᠡ ᠤᠯᠤᠰ ᠤᠨ ᠬᠦᠴᠦᠨ ᠢ ᠲᠠᠰᠤᠷᠡᠯᠳᠡ ᠦᠭᠡᠢ ᠴᠢᠩᠭᠠᠷᠠᠭᠤᠯᠬᠤ ᠬᠡᠷᠡᠭᠳᠡᠢ︔ ᠡᠷᠬᠡᠪᠰᠢ ᠨᠡᠬᠡᠬᠡᠯᠳᠡ ᠶᠢ | ᠦᠷᠬᠡᠳᠬᠡᠬᠦ ᠶᠢ ᠪᠠᠷᠢᠮᠳᠠᠯᠠᠵᠥ᠂ ᠬᠦᠮᠦᠨ ᠲᠦᠷᠦᠯᠬᠢᠳᠡᠨ ᠤ ᠬᠤᠪᠢ ᠵᠠᠶᠠᠭᠠᠨ ᠤ ᠬᠠᠮᠳᠤ ᠶᠢᠨ ᠴᠤᠭᠴᠠ ᠶᠢ ᠬᠠᠮᠳᠤ ᠪᠠᠷ | ᠪᠠᠶᠢᠭᠤᠯᠬᠤ ᠶᠢ ᠲᠠᠰᠤᠷᠠᠯᠳᠡ ᠦᠭᠡᠢ ᠠᠬᠢᠭᠤᠯᠬᠤ ᠬᠡᠷᠡᠭᠳᠡᠢ︔ ᠡᠷᠬᠡᠪᠰᠢ ᠪᠦᠬᠦ ᠲᠡᠯᠡ ᠪᠠᠷ ᠨᠠᠮ ᠢ ᠴᠢᠩᠭᠠ ᠵᠠᠰᠠᠬᠤ ᠶᠢ | ᠪᠠᠷᠢᠮᠳᠠᠯᠠᠵᠥ᠂ ᠨᠠᠮ ᠤᠨ ᠪᠦᠳᠦᠬᠡᠯᠴᠢ ᠬᠦᠴᠦᠨ᠂ ᠨᠢᠬᠳᠠᠷᠠᠯ ᠤᠨ ᠬᠦᠴᠦᠨ ᠪᠤᠯᠤᠨ ᠲᠠᠶᠢᠴᠢᠨ ᠬᠦᠴᠦᠨ ᠢ ᠲᠠᠰᠤᠷᠠᠯᠳᠡ ᠦᠬᠡᠢ | ᠲᠡᠭᠡᠭᠰᠢᠯᠡᠬᠦᠯᠬᠦ ᠬᠡᠷᠡᠭᠳᠡᠢ︔ ᠡᠷᠬᠡᠪᠰᠢ ᠬᠤᠪᠢᠰᠤᠩᠭᠤᠢ ᠪᠤᠳᠠᠰᠴᠢ ᠦᠵᠡᠯ ᠪᠤᠯᠤᠨ ᠲᠡᠤᠬᠡ ᠶᠢᠨ ᠪᠤᠳᠠᠰᠴᠢ ᠦᠵᠡᠯ ᠤᠨ | ᠶᠢᠷᠳᠢᠨᠴᠦ ᠶᠢᠨ ᠦᠵᠡᠯᠲᠡ ᠪᠤᠯᠤᠨ ᠠᠷᠭᠠ ᠶᠢᠨ ᠤᠨᠤᠯ ᠢ ᠪᠠᠷᠢᠮᠳᠠᠯᠠᠵᠥ᠂ ᠦᠬᠡᠷᠡᠴᠢᠯᠡᠯᠳᠡ ᠬᠦᠭᠵᠢᠯᠳᠡ ᠲᠤᠭᠳᠠᠭᠤᠨ ᠤ | ᠬᠠᠷᠢᠴᠠᠭᠠ ᠶᠢ ᠵᠦᠪ ᠰᠢᠢᠳᠪᠤᠷᠢᠯᠡᠬᠦ ᠬᠡᠷᠡᠭᠳᠡᠢ᠃ ᠡᠨᠡ ︽ᠶᠢᠰᠦᠨ ᠡᠷᠬᠡᠪᠰᠢ ᠪᠠᠷᠢᠮᠳᠠᠯᠠᠬᠤ︾ ᠪᠤᠯ 40 ᠵᠢᠯ ᠤᠨ | ᠦᠬᠡᠷᠡᠴᠢᠯᠡᠯᠳᠡ ᠨᠡᠬᠡᠬᠡᠯᠳᠡ ᠶᠢᠨ ᠵᠢᠮᠡ ᠶᠤᠰᠤᠴᠢ ᠴᠢᠨᠠᠷ ᠤᠨ ᠲᠠᠨᠢᠯᠳᠡ ᠶᠢᠨ ᠦᠷᠡ ᠪᠦᠳᠦᠬᠡᠯ ᠪᠠᠶᠢᠵᠥ᠂ ᠪᠢᠳᠡᠨ ᠤ | ᠦᠬᠡᠷᠡᠴᠢᠯᠡᠯᠳᠡ ᠨᠡᠬᠡᠬᠡᠯᠳᠡ ᠶᠢᠨ ᠲᠤᠬᠠᠢ ᠲᠠᠨᠢᠯᠳᠡ ᠶᠢ ᠰᠢᠨᠡ ᠦᠨᠳᠤᠷᠴᠡ ᠳᠤ ᠬᠦᠷᠬᠡᠭᠰᠡᠡ ᠪᠦᠭᠡᠳ ᠪᠢᠳᠡᠨ ᠤ ᠨᠡᠩ | ᠦᠨᠳᠤᠷ ᠭᠠᠷᠤᠭᠠ᠂ ᠨᠡᠩ ᠦᠨᠳᠤᠷ ᠲᠠᠪᠬᠤᠷᠭᠠ᠂ ᠨᠡᠩ ᠦᠨᠳᠦᠷ ᠬᠠᠷᠠᠯᠳᠡ ᠠᠴᠠ ᠦᠬᠡᠷᠡᠴᠢᠯᠡᠯᠳᠡ ᠨᠡᠬᠡᠬᠡᠯᠳᠡ ᠶᠢ | ᠠᠬᠢᠭᠤᠯᠬᠤ ᠳᠤ ᠰᠢᠰᠲ᠋ᠧᠮ ᠲᠠᠢ ᠲᠠᠨᠢᠯᠳᠡ ᠶᠢᠨ ᠤᠨᠤᠯ ᠪᠤᠯᠤᠨ ᠠᠷᠭᠠ ᠶᠢᠨ ᠤᠨᠤᠯ ᠢ ᠬᠠᠩᠭᠠᠭᠰᠠᠠ ᠪᠠᠶᠢᠨᠠ᠃ | ᠴᠠᠬ ᠦᠶᠠ ᠪᠤᠯ ᠦᠵᠡᠯ ᠰᠠᠨᠠᠭᠠᠨ ᠤ ᠡᠬᠢ᠂ ᠤᠢᠢᠯᠡᠳᠤᠯᠬᠡ ᠪᠤᠯ ᠤᠨᠤᠯ ᠤᠨ ᠡᠬᠦᠰᠤᠯ ᠶᠤᠮ᠃ ᠲᠡᠤᠭᠡ ᠶᠢᠨ | ᠤᠷᠤᠰᠬᠠᠯ ᠢ ᠲᠠᠭᠠᠵᠤ᠂ ᠬᠤᠪᠢᠷᠠᠯᠳᠠ ᠶᠢ ᠢᠳᠡᠪᠬᠢᠳᠠᠢ ᠠᠷᠭᠠᠴᠠᠭᠠᠵᠤ᠂ ᠰᠠᠨᠠᠭᠠᠴᠢᠯᠠᠭᠠ ᠠᠴᠠ ᠪᠠᠨ ᠬᠤᠪᠢᠷᠠᠯᠳᠠ ᠶᠢ | ᠬᠦᠬᠡᠬᠡᠴᠡᠯᠳᠤᠪᠠᠯ ᠰᠠᠶ᠋ᠢ ᠴᠠᠬ ᠦᠶᠠ ᠲᠠᠢ ᠵᠡᠷᠬᠡ ᠪᠠᠷ ᠤᠷᠤᠬᠰᠢᠯᠠᠵᠤ ᠴᠢᠳᠠᠨᠠ᠃ ᠦᠨᠤᠳᠤᠷ᠂ ︽ᠶᠢᠰᠤᠨ ᠡᠷᠬᠡᠪᠰᠢ | ᠪᠠᠷᠢᠮᠳᠠᠯᠠᠬᠤ︾ ᠡᠨᠡ ᠬᠦ ᠡᠷᠬᠢᠮ ᠨᠠᠨᠳᠢᠨ ᠤᠶᠤᠨ ᠰᠠᠨᠠᠭᠠᠨ ᠤ ᠦᠪ ᠬᠦᠷᠤᠩᠬᠡ ᠶᠢ ᠰᠠᠶᠢᠳᠤᠷ ᠠᠰᠢᠬᠯᠠᠬᠤ ᠳᠤ᠂ ᠲᠡᠬᠦᠨ ᠤ | ᠪᠤᠳᠠᠳᠤ ᠠᠴᠢ ᠬᠤᠯᠪᠤᠬᠳᠠᠯ ᠪᠤᠯᠤᠨ ᠴᠠᠬ ᠦᠶᠠ ᠶᠢᠨ ᠦᠷᠳᠡᠭ ᠢ ᠬᠦᠨᠵᠡᠬᠡᠢ ᠤᠢᠢᠯᠠᠭᠠᠬᠤ ᠭᠡᠷᠡᠭᠳᠠᠢ᠃ ︽ᠶᠢᠰᠤᠨ ᠡᠷᠬᠡᠪᠰᠢ | ᠪᠠᠷᠢᠮᠳᠠᠯᠠᠬᠤ︾ ᠨᠢ ᠲᠡᠤᠬᠡ ᠶᠢ ᠳ᠋ᠦᠩᠨᠡᠭᠰᠡᠨ ᠢᠶᠠᠷ ᠪᠠᠷᠠᠬᠤ ᠦᠬᠡᠢ᠂ ᠨᠡᠩ ᠴᠤ ᠢᠷᠡᠬᠡᠳᠤᠢ ᠳᠤ ᠬᠠᠨᠳᠤᠬᠰᠠᠨ ᠶᠤᠮ︔ | ᠤᠨᠤᠯ ᠤᠨ ᠵᠢᠯᠤᠭᠤᠳᠤᠯᠭᠠ ᠪᠤᠯᠬᠤ ᠪᠠᠷ ᠪᠠᠷᠠᠬᠤ ᠦᠬᠡᠢ᠂ ᠨᠡᠩ ᠴᠤ ᠠᠵᠢᠯᠯᠠᠭᠠ ᠶᠢᠨ ᠵᠦᠭᠯᠡᠬᠦᠷ ᠪᠤᠯᠤᠨᠠ᠃ ᠶᠠᠷᠤᠩᠬᠡᠢ | ᠱᠦᠵᠢ ᠰᠢ ᠶᠢᠨ ᠫᠢᠩ ︽ᠠᠭᠤᠤ ᠶᠡᠭᠡ ᠵᠡᠬᠦᠳᠤ ᠶᠢ ᠬᠦᠯᠢᠶᠡᠬᠡᠳ ᠢᠷᠡᠬᠦ ᠦᠬᠡᠢ᠂ ᠲᠠᠭᠤᠳᠠᠭᠠᠳ ᠢᠷᠡᠬᠦ ᠦᠬᠡᠢ᠂ ᠬᠠᠷᠢᠨ | ᠲᠡᠮᠡᠴᠡᠵᠤ ᠪᠠᠶᠢᠭᠠᠳ ᠤᠯᠵᠤ᠂ ᠠᠵᠢᠯᠯᠠᠵᠤ ᠪᠠᠶᠢᠭᠠᠳ ᠪᠡᠶᠡᠯᠡᠬᠦᠯᠳᠡᠭ ᠶᠤᠮ︾ ᠬᠡᠵᠤ ᠵᠢᠭᠠᠵᠤ ᠭᠠᠷᠭᠠᠪᠠ᠃ ︽ᠶᠢᠰᠤᠨ ᠡᠷᠬᠡᠪᠰᠢ | ᠪᠠᠷᠢᠮᠳᠠᠯᠠᠬᠤ︾ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠳᠤ᠂ ᠪᠦᠬᠡᠷᠡᠩᠬᠡᠢ ᠪᠠᠷ ᠬᠦᠯᠢᠶᠠᠨ ᠠᠪᠴᠤ ᠪᠤᠯᠬᠤ ᠦᠬᠡᠢ᠂ | ᠬᠠᠭᠠᠰ ᠬᠤᠭᠤᠰ ᠢᠶᠠᠷ ᠤᠢᠢᠯᠠᠭᠠᠵᠤ ᠪᠤᠯᠬᠤ ᠦᠬᠡᠢ᠂ ᠬᠠᠷᠢᠨ ︽ ᠦᠬᠡᠷᠡᠴᠢᠯᠠᠯᠳᠠ ᠨᠡᠬᠡᠬᠡᠯᠳᠠ ᠶᠢᠨ ᠬᠠᠷᠠᠴᠠ ᠪᠠᠷ | ᠦᠬᠡᠷᠡᠴᠢᠯᠠᠯᠳᠠ ᠨᠡᠬᠡᠬᠡᠯᠳᠠ ᠳᠤ ᠬᠠᠨᠳᠤᠬᠤ︾ ᠶᠢ ᠪᠠᠷᠢᠮᠳᠠᠯᠠᠵᠤ᠂ ︽ᠶᠢᠰᠤᠨ ᠡᠷᠬᠡᠪᠰᠢ ᠪᠠᠷᠢᠮᠳᠠᠯᠠᠬᠤ︾ ᠶᠢ ᠰᠢᠨᠠ ᠴᠠᠬ | ᠦᠶᠠ ᠳᠤ ᠦᠬᠡᠷᠡᠴᠢᠯᠠᠯᠳᠠ ᠶᠢ ᠪᠦᠬᠦ ᠲᠠᠯᠠ ᠪᠠᠷ ᠬᠦᠨᠵᠡᠬᠡᠶᠢᠷᠡᠬᠦᠯᠬᠦ ᠶᠢ ᠠᠬᠢᠭᠤᠯᠬᠤ ᠲᠠᠢ ᠤᠶᠠᠯᠳᠤᠭᠤᠯᠵᠤ᠂ ᠪᠤᠳᠠᠳᠠᠢ | ᠵᠦᠷᠢᠴᠡᠯ ᠠᠰᠠᠭᠤᠳᠠᠯ ᠢ ᠰᠢᠢᠳᠪᠤᠷᠢᠯᠡᠬᠦ ᠲᠠᠢ ᠤᠶᠠᠯᠳᠤᠭᠤᠯᠵᠤ᠂ ᠠᠷᠠᠳ ᠤᠯᠠᠨ ᠤ ᠬᠦᠷᠳᠡᠮᠵᠢ ᠶᠢᠨ ᠲᠦᠷᠦᠭᠳᠡᠯ ᠢ | ᠨᠡᠮᠡᠭᠳᠡᠬᠦᠯᠬᠦ ᠲᠠᠢ ᠤᠶᠠᠯᠳᠤᠭᠤᠯᠵᠤ᠂ ︽ᠬᠤᠤᠰ ᠵᠠᠭᠤᠨ ᠵᠢᠯ︾ ᠤᠨ ᠲᠡᠮᠡᠴᠡᠬᠦ ᠬᠠᠷᠠᠯᠳᠠ ᠶᠢ ᠪᠡᠶᠡᠯᠡᠬᠦᠯᠬᠦ᠂ ᠳᠤᠮᠳᠠᠳᠤ ᠶᠢᠨ | ᠦᠨᠳᠤᠰᠤᠳᠠᠨ ᠤ ᠠᠭᠤᠤ ᠶᠡᠭᠡ ᠰᠡᠷᠬᠦᠨ ᠮᠠᠨᠳᠤᠯᠳᠠ ᠶᠢᠨ ᠳᠤᠮᠳᠠᠳᠤ ᠶᠢᠨ ᠵᠡᠬᠦᠳᠤ ᠶᠢ ᠲᠡᠷᠬᠡᠯᠰᠢᠬᠦᠯᠬᠦ ᠲᠠᠢ ᠤᠶᠠᠯᠳᠤᠭᠤᠯᠵᠤ᠂ | ᠨᠡᠩ ᠶᠡᠭᠡ ᠵᠤᠷᠢᠬ᠂ ᠨᠡᠩ ᠶᠡᠭᠡ ᠡᠷᠴᠢᠮ ᠢᠶᠠᠷ ᠦᠬᠡᠷᠡᠴᠢᠯᠠᠯᠳᠠ ᠨᠡᠬᠡᠬᠡᠯᠳᠠ ᠶᠢ ᠬᠦᠨᠵᠡᠬᠡᠶᠢᠷᠡᠬᠦᠯᠬᠦ ᠭᠡᠷᠡᠭᠳᠠᠢ᠃ | ︵ᠰᠢᠨᠬᠤᠸᠠ ᠬᠤᠷᠢᠶᠠᠨ ᠤ ᠪᠡᠬᠡᠵᠢᠩ ᠤᠨ 12 ᠰᠠᠷ ᠠ ᠶᠢᠨ 23 ᠤ ᠴᠠᠬᠢᠯᠭᠠᠨ ᠮᠡᠳᠡᠭᠡ ᠠᠴᠠ︶ | |