ᠲᠣᠮᠲᠠᠲᠣ ᠤᠯᠤᠰ ᠤᠨ ᠡᠪ ᠬᠠᠮᠳᠤ ᠨᠠᠮ ᠤᠨ ᠠᠷᠪᠠ ᠶᠢᠰᠦᠳᠦᠭᠡᠷ ᠬᠤᠭᠤᠴᠠᠭᠠᠨ ᠤ ᠲᠦᠪ ᠬᠤᠷᠢᠶᠠᠨ ᠤ ᠰᠠᠬᠢᠯᠭᠠ | ᠪᠠᠳᠤ ᠪᠠᠶᠢᠴᠠᠭᠠᠬᠤ ᠬᠤᠷᠢᠶᠠᠨ ᠤ ᠭᠤᠷᠪᠠᠳᠤᠭᠠᠷ ᠪᠦᠬᠦᠳᠡ ᠬᠤᠷᠡᠯ 2019 ᠤᠨ ᠤ 1 ᠰᠠᠷᠠ ᠶᠢᠨ 11 ᠤ ᠡᠳᠤᠷ ᠠᠴᠠ | 13 ᠤ ᠡᠳᠤᠷ ᠪᠤᠯᠳᠠᠯᠠ ᠪᠡᠭᠡᠵᠢᠩ ᠳᠤ ᠬᠤᠷᠡᠯᠳᠤᠪᠠ᠃ ᠡᠨᠡ ᠤᠳᠠᠭᠠ ᠶᠢᠨ ᠬᠤᠷᠡᠯ ᠳᠤ ᠲᠦᠪ ᠤᠨ ᠰᠠᠬᠢᠯᠭᠠ ᠪᠠᠳᠤ | ᠪᠠᠶᠢᠴᠠᠭᠠᠬᠤ ᠬᠤᠷᠢᠶᠡᠨ ᠤ ᠬᠡᠰᠢᠬᠦᠨ 132 ᠬᠦᠮᠥᠨ ᠤᠷᠤᠯᠴᠠᠵᠥ᠂ 221 ᠬᠦᠮᠥᠨ ᠰᠤᠯᠠ ᠤᠷᠤᠯᠴᠠᠪᠠ᠃ | ᠨᠠᠮ ᠤᠨ ᠲᠦᠪ ᠬᠤᠷᠢᠶᠠᠨ ᠤ ᠶᠡᠷᠤᠩᠬᠡᠢ ᠱᠦᠵᠢ᠂ ᠤᠯᠤᠰ ᠤᠨ ᠲᠡᠷᠢᠬᠦᠯᠡᠭᠴᠢ᠂ ᠲᠦᠪ ᠤᠨ ᠴᠡᠷᠢᠭ ᠤᠨ | ᠶᠠᠪᠤᠳᠠᠯ ᠤᠨ ᠬᠤᠷᠢᠶᠠᠨ ᠤ ᠲᠡᠷᠢᠬᠦᠯᠡᠭᠴᠢ ᠰᠢ ᠶᠢᠨ ᠫᠢᠩ ᠪᠦᠬᠦᠳᠡ ᠬᠤᠷᠡᠯ ᠳᠤ ᠤᠷᠤᠯᠴᠠᠭᠰᠠᠠ ᠪᠦᠬᠡᠳ ᠴᠢᠬᠤᠯᠠ ᠶᠠᠷᠢᠶᠠ | ᠲᠠᠯᠪᠢᠪᠠ᠃ ᠯᠢ ᠺᠧ ᠴᠢᠶᠠᠩ᠂ ᠯᠢ ᠵᠠᠨ ᠱᠦ᠂ ᠸᠠᠩ ᠶᠠᠩ᠂ ᠸᠠᠩ ᠬᠤ᠋ ᠨᠢᠩ᠂ ᠵᠤᠤ ᠯᠧ ᠵᠢᠢ᠂ ᠬᠠᠨ ᠵᠧᠩ ᠵᠡᠷᠬᠡ ᠨᠠᠮ | ᠪᠤᠯᠤᠨ ᠲᠦᠷᠦ ᠶᠢᠨ ᠤᠳᠤᠷᠢᠳᠬᠤ ᠬᠦᠮᠤᠰ ᠬᠤᠷᠡᠯ ᠳᠤ ᠤᠷᠤᠯᠴᠠᠵᠠᠢ᠃ | ᠪᠦᠬᠦᠳᠡ ᠬᠤᠷᠡᠯ ᠢ ᠲᠦᠪ ᠤᠨ ᠰᠠᠬᠢᠯᠭᠠ ᠪᠠᠳᠤ ᠪᠠᠶᠢᠴᠠᠭᠠᠬᠤ ᠬᠤᠷᠢᠶᠠᠨ ᠤ ᠪᠠᠶᠢᠩᠭᠤ ᠶᠢᠨ ᠬᠤᠷᠢᠶᠠ ᠡᠷᠬᠢᠯᠡᠪᠡ᠃ | ᠪᠦᠬᠦᠳᠡ ᠬᠤᠷᠡᠯ ᠨᠢ ᠰᠢ ᠶᠢᠨ ᠫᠢᠩ ᠤᠨ ᠰᠢᠨᠡ ᠴᠠᠭ ᠦᠶᠡ ᠶᠢᠨ ᠲᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ | ᠵᠢᠷᠤᠮ ᠤᠨ ᠦᠵᠡᠯ ᠰᠠᠨᠠᠭᠠ ᠪᠠᠷ ᠵᠢᠯᠤᠭᠤᠳᠤᠯᠭᠠ ᠪᠤᠯᠭᠠᠵᠥ᠂ ᠨᠠᠮ ᠤᠨ ᠠᠷᠪᠠ ᠶᠢᠰᠦᠳᠦᠭᠡᠷ ᠶᠡᠭᠡ ᠬᠤᠷᠡᠯ ᠤᠨ ᠵᠤᠷᠢᠭ | ᠰᠠᠨᠠᠭᠠ ᠶᠢ ᠪᠦᠬᠦ ᠲᠠᠯᠠ ᠪᠠᠷ ᠲᠤᠭᠤᠰᠢᠯᠠᠭᠤᠯᠵᠥ᠂ 2018 ᠤᠨ ᠤ ᠰᠠᠬᠢᠯᠭᠠ ᠪᠠᠳᠤ ᠪᠠᠶᠢᠴᠠᠭᠠᠬᠤ ᠬᠢᠨᠠᠨ ᠪᠠᠶᠢᠴᠠᠭᠠᠬᠤ | ᠠᠵᠢᠯ ᠢ ᠡᠷᠬᠢᠴᠡᠬᠦᠯᠵᠦ᠂ ᠦᠭᠡᠷᠡᠴᠢᠯᠡᠯᠳᠠ ᠨᠡᠭᠡᠭᠡᠯᠳᠠ ᠬᠢᠭᠰᠡᠨ 40 ᠵᠢᠯ ᠤᠨ ᠲᠤᠷᠰᠢᠬᠢ ᠰᠠᠬᠢᠯᠭᠠ ᠪᠠᠳᠤ ᠪᠠᠶᠢᠴᠠᠭᠠᠬᠤ ᠬᠢᠨᠡᠨ | ᠪᠠᠶᠢᠴᠠᠭᠠᠬᠤ ᠠᠵᠢᠯ ᠤᠨ ᠲᠤᠷᠰᠢᠯᠭᠠ ᠶᠢ ᠳ᠋ᠦᠩᠨᠡᠵᠦ᠂ 2019 ᠤᠨ ᠤ ᠡᠬᠦᠷᠭᠡ ᠶᠢ ᠪᠠᠶᠢᠷᠢᠯᠠᠭᠤᠯᠵᠦ᠂ ᠵᠤᠤ ᠯᠧ ᠵᠢᠢ | ᠨᠦᠬᠦᠷ ᠤᠨ ᠲᠦᠪ ᠤᠨ ᠰᠠᠬᠢᠯᠭᠠ ᠪᠠᠳᠤ ᠪᠠᠶᠢᠴᠠᠭᠠᠬᠤ ᠬᠤᠷᠢᠶᠠᠨ ᠤ ᠪᠠᠶᠢᠩᠭᠤ ᠶᠢᠨ ᠬᠤᠷᠢᠶᠠ ᠶᠢ ᠲᠦᠯᠦᠭᠡᠯᠡᠨ ᠬᠢᠭᠰᠡᠡ | ︽ᠨᠠᠮ ᠤᠨ ᠲᠦᠷᠢᠮ ᠪᠠ ᠦᠨᠳᠦᠰᠦᠨ ᠬᠠᠤᠯᠢ ᠠᠴᠠ ᠤᠯᠭᠤᠭᠰᠠᠨ ᠲᠤᠰᠢᠶᠠᠯ ᠬᠠᠷᠢᠭᠤᠴᠠᠯᠭᠠ ᠪᠠᠨ ᠰᠢᠳᠤᠷᠭᠤ ᠪᠠᠷ | ᠬᠦᠢᠴᠡᠳᠭᠡᠵᠦ᠂ ᠰᠢᠨᠠ ᠴᠠᠭ ᠦᠶᠠ ᠶᠢᠨ ᠰᠠᠬᠢᠯᠭᠠ ᠪᠠᠳᠤ ᠪᠠᠶᠢᠴᠠᠭᠠᠬᠤ ᠬᠢᠨᠡᠨ ᠪᠠᠶᠢᠴᠠᠭᠠᠬᠤ ᠠᠵᠢᠯ ᠤᠨ ᠴᠢᠨᠠᠷ ᠰᠠᠶᠢᠳᠠᠢ | ᠬᠦᠭᠵᠢᠯᠳᠠ ᠶᠢ ᠴᠢᠷᠮᠠᠶᠢᠨ ᠪᠡᠶᠡᠯᠡᠬᠦᠯᠤᠶᠠ︾ ᠬᠡᠬᠦ ᠠᠵᠢᠯ ᠤᠨ ᠮᠡᠳᠡᠬᠦᠯᠥᠯᠳᠡ ᠶᠢ ᠬᠢᠨᠠᠨ ᠵᠦᠪᠯᠡᠵᠥ ᠪᠠᠳᠤᠯᠠᠪᠠ᠃ | ᠪᠦᠬᠦᠳᠡ ᠬᠤᠷᠡᠯ ᠠᠴᠠ ᠶᠡᠷᠤᠩᠬᠡᠢ ᠱᠦᠵᠢ ᠰᠢ ᠶᠢᠨ ᠫᠢᠩ ᠤᠨ ᠴᠢᠬᠤᠯᠠ ᠶᠠᠷᠢᠶᠠᠨ ᠤ ᠵᠤᠷᠢᠭ ᠰᠠᠨᠠᠭᠠ ᠶᠢ ᠨᠠᠷᠢᠨ | ᠬᠢᠨᠠᠮᠠᠭᠠᠢ ᠰᠤᠷᠤᠯᠴᠠᠵᠥ᠂ ᠬᠦᠨᠵᠡᠬᠡᠢ ᠤᠢᠢᠯᠠᠭᠠᠨ ᠡᠵᠡᠮᠰᠢᠪᠡ᠃ ᠬᠤᠷᠠᠯ ᠠᠴᠠ᠂ ᠶᠠᠷᠢᠶᠠ ᠨᠢ ᠰᠢᠨᠡ ᠴᠠᠭ ᠦᠶᠡ ᠶᠢᠨ ᠨᠠᠮ | ᠪᠤᠯᠤᠨ ᠤᠯᠤᠰ ᠤᠨ ᠠᠵᠢᠯ ᠦᠢᠯᠡᠰ ᠤᠨ ᠬᠦᠭᠵᠢᠯᠳᠡ ᠶᠢᠨ ᠪᠦᠬᠦ ᠲᠠᠯᠠ ᠶᠢᠨ ᠦᠨᠳᠤᠷᠴᠡ ᠠᠴᠠ᠂ ᠨᠠᠮ ᠤᠨ ᠠᠷᠪᠠ | ᠶᠢᠰᠦᠳᠦᠭᠡᠷ ᠶᠡᠭᠡ ᠬᠤᠷᠡᠯ ᠠᠴᠠ ᠨᠠᠭᠠᠰᠢᠬᠢ ᠪᠦᠬᠦ ᠲᠠᠯᠠ ᠪᠠᠷ ᠨᠠᠮ ᠢ ᠴᠢᠩᠭᠠ ᠵᠠᠰᠠᠬᠤ ᠲᠠᠯᠠ ᠪᠠᠷ ᠤᠯᠤᠬᠰᠠᠨ ᠰᠢᠨᠠ | ᠴᠢᠬᠤᠯᠠ ᠶᠡᠭᠡ ᠠᠮᠵᠢᠯᠳᠠ ᠶᠢ ᠬᠦᠢᠴᠡᠳ ᠨᠤᠳᠠᠯᠠᠵᠦ᠂ ᠦᠭᠡᠷᠡᠴᠢᠯᠡᠯᠳᠠ ᠨᠡᠭᠡᠭᠡᠯᠳᠠ ᠬᠢᠭᠰᠡᠨ 40 ᠵᠢᠯ ᠤᠨ ᠲᠤᠷᠰᠢᠬᠢ | ᠨᠠᠮ ᠤᠨ ᠦᠪᠡᠷ ᠤᠨ ᠪᠡᠶᠠ ᠳᠡᠭᠡᠨ ᠬᠤᠪᠢᠰᠬᠠᠯ ᠬᠢᠬᠦ᠂ ᠲᠡᠷᠢᠬᠦᠨ ᠤ ᠴᠢᠨᠠᠷ ᠪᠠ ᠴᠡᠪᠡᠷ ᠴᠢᠨᠠᠷ ᠢᠶᠠᠨ ᠡᠬᠦᠷᠢᠳᠠ ᠪᠠᠳᠤᠯᠠᠬᠤ | ᠲᠠᠯᠠ ᠪᠠᠷ ᠤᠯᠤᠭᠰᠠᠨ ᠬᠤᠪᠤᠷ ᠨᠠᠨᠳᠢᠨ ᠲᠤᠷᠰᠢᠯᠭᠠ ᠶᠢ ᠬᠦᠨᠵᠡᠭᠡᠢ ᠳ᠋ᠦᠩᠨᠡᠵᠦ᠂ ᠤᠳᠤᠷᠢᠳᠬᠤ ᠺᠠᠳ᠋ᠷ ᠢᠯᠠᠩᠭᠤᠶᠠ ᠳᠡᠭᠡᠳᠦ | ᠵᠡᠷᠭᠡ ᠶᠢᠨ ᠤᠳᠤᠷᠢᠳᠬᠤ ᠺᠠᠳ᠋ᠷ ᠤᠨ ᠰᠢᠨᠠ ᠪᠠᠶᠢᠳᠠᠯ ᠲᠤᠤᠷᠠᠬᠢ ᠨᠠᠮ ᠤᠨ ᠳᠤᠳᠤᠭᠠᠳᠦ ᠶᠢᠨ ᠤᠯᠤᠰ ᠲᠦᠷᠦ ᠶᠢᠨ | ᠠᠮᠢᠳᠤᠷᠠᠯ ᠤᠨ ᠲᠤᠬᠠᠢ ᠪᠠᠷᠢᠮᠵᠢᠶᠠ ᠨᠤᠭᠤᠳ ᠢ ᠲᠤᠭᠤᠰᠢᠯᠠᠭᠤᠯᠬᠤ ᠲᠤᠬᠠᠢ ᠳᠤᠳᠤᠷᠬᠠᠢ ᠱᠠᠭᠠᠷᠳᠠᠯᠭᠠ ᠳᠤᠷᠠᠳᠴᠦ᠂ ᠪᠦᠬᠦ | ᠲᠠᠯᠠ ᠪᠠᠷ ᠨᠠᠮ ᠢ ᠴᠢᠩᠭᠠ ᠵᠠᠰᠠᠬᠤ ᠶᠢ ᠡᠷᠡᠰ ᠭᠤᠶᠢᠪᠢᠰᠢ ᠦᠭᠡᠢ ᠠᠬᠢᠭᠤᠯᠵᠦ᠂ ᠢᠯᠵᠢᠷᠡᠯ ᠢ ᠡᠰᠡᠷᠬᠦᠴᠡᠬᠦ ᠲᠡᠮᠡᠴᠡᠯ ᠤᠨ | ᠲᠠᠶᠢᠯᠦᠩᠬᠦᠢ ᠢᠯᠠᠯᠳᠠ ᠶᠢ ᠪᠠᠬᠢᠵᠢᠬᠦᠯᠦᠨ ᠬᠦᠭᠵᠢᠬᠦᠯᠵᠦ᠂ ᠴᠢᠨᠡᠭᠡᠯᠢᠭ ᠨᠡᠶᠢᠭᠡᠮ ᠢ ᠪᠦᠬᠦ ᠲᠠᠯᠠ ᠪᠠᠷ ᠪᠡᠶᠡᠯᠡᠬᠦᠯᠬᠦ ᠰᠢᠢᠳᠪᠤᠷᠢᠳᠦ | ᠢᠯᠠᠯᠳᠠ ᠶᠢ ᠤᠯᠬᠤ ᠳᠤ ᠪᠠᠳᠤ ᠴᠢᠩᠭᠠ ᠪᠠᠳᠤᠯᠠᠭᠠ ᠬᠠᠩᠭᠠᠬᠤ ᠭᠡᠷᠡᠭᠲᠡᠢ ᠭᠡᠵᠦ ᠴᠢᠬᠤᠯᠠᠴᠢᠯᠠᠪᠠ᠃ ᠶᠠᠷᠢᠶᠠ ᠨᠢ ᠦᠨᠳᠤᠷ ᠲᠤ | ᠵᠤᠭᠰᠤᠨ ᠠᠯᠤᠰ ᠢ ᠪᠠᠷᠠᠯᠠᠵᠥ᠂ ᠦᠵᠡᠯ ᠰᠠᠨᠠᠭᠠ ᠬᠦᠨ ᠬᠦᠨᠵᠡᠭᠡᠢ᠂ ᠠᠰᠠᠭᠤᠳᠠᠯ ᠳᠤ ᠰᠢᠭᠤᠳ ᠬᠠᠨᠳᠤᠵᠦ᠂ ᠡᠷᠡᠰ ᠪᠠᠳᠤ | ᠢᠳᠡ ᠬᠦᠴᠦᠳᠠᠢ ᠪᠠᠶᠢᠵᠦ᠂ ᠮᠠᠨ ᠤ ᠨᠠᠮ ᠤᠨ ᠦᠪᠡᠷ ᠢ ᠪᠠᠨ ᠴᠡᠪᠡᠷᠰᠢᠬᠦᠯᠬᠦ᠂ ᠦᠪᠡᠷ ᠢ ᠪᠠᠨ ᠳᠡᠬᠦᠯᠳᠡᠷᠵᠢᠬᠦᠯᠬᠦ᠂ | ᠦᠪᠡᠷ ᠢ ᠪᠠᠨ ᠰᠢᠨᠡᠴᠢᠯᠡᠬᠦ᠂ ᠦᠪᠡᠷ ᠢ ᠪᠠᠨ ᠳᠡᠭᠡᠭᠰᠢᠯᠡᠬᠦᠯᠬᠦ ᠳᠡᠭᠡᠳᠦ ᠭᠡᠮᠵᠢᠶᠠᠨ ᠤ ᠤᠬᠠᠮᠰᠠᠷ ᠢ ᠬᠦᠢᠴᠡᠳ ᠬᠠᠷᠠᠭᠤᠯᠵᠦ᠂ | ᠢᠯᠠ ᠳᠤᠳᠤ ᠬᠦᠨ ᠬᠦᠨᠵᠡᠭᠡᠢ ᠤᠯᠤᠰ ᠲᠦᠷᠦ ᠶᠢᠨ ᠴᠢᠨᠠᠷ᠂ ᠦᠵᠡᠯ ᠰᠠᠨᠠᠭᠠᠳᠦ ᠴᠢᠨᠠᠷ᠂ ᠤᠨᠤᠯ ᠤᠨ ᠴᠢᠨᠠᠷ ᠲᠠᠢ᠂ ᠪᠦᠬᠦ | ᠲᠠᠯᠠ ᠪᠠᠷ ᠨᠠᠮ ᠢ ᠴᠢᠩᠭᠠ ᠵᠠᠰᠠᠬᠤ ᠶᠢ ᠬᠦᠨ ᠳᠠᠪᠬᠤᠷᠭᠠ ᠲᠡᠶᠢᠰᠢ ᠠᠬᠢᠭᠤᠯᠬᠤ ᠳᠤ ᠴᠢᠬᠤᠯᠠ ᠶᠡᠭᠡ ᠵᠢᠯᠤᠭᠤᠳᠬᠤ ᠠᠴᠢ | ᠬᠤᠯᠪᠤᠭᠳᠠᠯ ᠲᠠᠢ ᠶᠤᠮ᠃ ᠶᠡᠷᠤᠩᠬᠡᠢ ᠱᠦᠵᠢ ᠰᠢ ᠶᠢᠨ ᠫᠢᠩ ᠰᠠᠬᠢᠯᠭᠠ ᠪᠠᠳᠤ ᠪᠠᠶᠢᠴᠠᠭᠠᠬᠤ ᠬᠢᠨᠠᠨ ᠪᠠᠶᠢᠴᠠᠭᠠᠬᠤ ᠪᠠᠶᠢᠭᠤᠯᠭᠠ | ᠪᠤᠯᠤᠨ ᠰᠠᠬᠢᠯᠭᠠ ᠪᠠᠳᠤ ᠪᠠᠶᠢᠴᠠᠭᠠᠬᠤ ᠬᠢᠨᠠᠨ ᠪᠠᠶᠢᠴᠠᠭᠠᠬᠤ ᠺᠠᠳ᠋ᠷ ᠲᠤ ᠨᠠᠨᠳᠢᠨ ᠬᠦᠰᠡᠯ ᠨᠠᠶᠢᠳᠠᠯᠭᠠ ᠲᠠᠯᠪᠢᠵᠥ᠂ ᠳᠤᠳᠤᠷᠬᠠᠢ | ᠱᠠᠭᠠᠷᠳᠠᠯᠭᠠ ᠲᠤᠷᠠᠳᠪᠠ᠃ ᠶᠡᠷᠤᠩᠬᠡᠢ ᠱᠦᠵᠢ ᠰᠢ ᠶᠢᠨ ᠫᠢᠩ ᠤᠨ ᠴᠢᠬᠤᠯᠠ ᠶᠠᠷᠢᠶᠠᠨ ᠤ ᠵᠤᠷᠢᠭ ᠰᠠᠨᠠᠭᠠ ᠶᠢ ᠰᠤᠷᠤᠯᠴᠠᠨ | ᠲᠤᠭᠤᠰᠢᠯᠠᠭᠤᠯᠬᠤ ᠪᠤᠯ ᠪᠦᠬᠦ ᠨᠠᠮ ᠤᠨ ᠴᠢᠬᠤᠯᠠ ᠤᠯᠤᠰ ᠲᠦᠷᠤ ᠶᠢᠨ ᠡᠬᠦᠷᠬᠡ ᠮᠥᠨ᠂ ᠰᠢ ᠶᠢᠨ ᠫᠢᠩ ᠤᠨ ᠰᠢᠨᠠ ᠴᠠᠭ | ᠦᠶᠠ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭᠠ ᠪᠠ ᠨᠠᠮ ᠤᠨ ᠠᠷᠪᠠ ᠶᠢᠰᠦᠳᠦᠭᠡᠷ | ᠶᠡᠭᠡ ᠬᠤᠷᠡᠯ ᠤᠨ ᠵᠤᠷᠢᠭ ᠰᠠᠨᠠᠭᠠ ᠶᠢ ᠰᠤᠷᠤᠯᠴᠠᠨ ᠲᠤᠭᠤᠰᠢᠯᠠᠭᠤᠯᠬᠤ ᠲᠠᠢ ᠨᠢᠭᠳᠠ ᠤᠶᠠᠯᠳᠤᠭᠤᠯᠵᠥ᠂ ᠦᠵᠡᠯ ᠰᠠᠨᠠᠭᠠ | ᠲᠠᠨᠢᠯᠳᠠ ᠪᠠᠨ ᠨᠢᠬᠡᠳᠬᠡᠵᠥ᠂ ᠲᠤᠰᠢᠶᠠᠯ ᠬᠠᠷᠢᠭᠤᠴᠠᠯᠭᠠ ᠪᠠᠨ ᠰᠢᠳᠤᠷᠭᠤ ᠪᠠᠷ ᠬᠦᠢᠴᠡᠳᠭᠡᠵᠦ᠂ ᠨᠠᠮ ᠤᠨ ᠲᠦᠪ ᠬᠤᠷᠢᠶᠠᠨ ᠤ | ᠡᠯᠠ ᠲᠦᠷᠦᠯ ᠤᠨ ᠰᠢᠢᠳᠪᠤᠷᠢᠳᠤ ᠪᠤᠳᠤᠯᠭᠠ ᠪᠠᠶᠢᠷᠢᠯᠠᠭᠤᠯᠤᠯᠳᠡ ᠨᠤᠭᠤᠳ ᠢ ᠨᠢᠬᠡᠳ ᠨᠢᠭᠡ ᠪᠠᠷ ᠪᠤᠳᠠᠳᠠᠢ ᠳᠤ | ᠨᠠᠶᠢᠳᠠᠪᠤᠷᠢᠵᠢᠭᠤᠯᠬᠤ ᠶᠢ ᠪᠠᠳᠤᠯᠠᠬᠤ ᠬᠡᠷᠡᠭᠳᠡᠢ ᠬᠡᠵᠥ ᠰᠠᠨᠠᠯ ᠨᠢᠬᠡᠳᠡᠢ ᠦᠵᠡᠪᠡ᠃ | ᠪᠦᠬᠦᠳᠡ ᠬᠤᠷᠠᠯ ᠠᠴᠠ᠂ 2018 ᠤᠨ ᠳᠤ᠂ ᠰᠢ ᠶᠢᠨ ᠫᠢᠩ ᠨᠦᠬᠦᠷ ᠢᠶᠠᠷ ᠭᠤᠤᠯ ᠪᠤᠯᠭᠠᠭᠰᠠᠨ ᠨᠠᠮ ᠤᠨ ᠲᠦᠪ | ᠬᠤᠷᠢᠶᠠ ᠠᠭᠤᠤ ᠶᠡᠭᠡ ᠲᠡᠮᠡᠴᠡᠯ᠂ ᠠᠭᠤᠤ ᠶᠡᠭᠡ ᠢᠨᠵᠧᠨᠧᠷᠢᠩ᠂ ᠠᠭᠤᠤ ᠶᠡᠭᠡ ᠦᠢᠯᠡᠰ᠂ ᠠᠭᠤᠤ ᠶᠡᠭᠡ ᠬᠦᠰᠡᠯ ᠵᠡᠭᠦᠳᠦ ᠶᠢ | ᠶᠡᠷᠦᠩᠬᠡᠶᠢᠯᠡᠨ ᠵᠤᠬᠢᠴᠠᠭᠤᠯᠵᠤ᠂ ︽ᠲᠠᠪᠤ ᠶᠢ ᠨᠢᠭᠡ ᠴᠤᠭᠴᠠᠵᠢᠭᠤᠯᠬᠤ︾ ᠶᠡᠷᠦᠩᠬᠡᠢ ᠪᠠᠶᠢᠷᠢᠰᠢᠭᠤᠯᠤᠯᠳᠠ ᠶᠢ ᠨᠢᠭᠡᠳᠦᠯᠳᠠᠢ | ᠲᠦᠯᠦᠪᠵᠢᠭᠦᠯᠦᠨ ᠠᠬᠢᠭᠤᠯᠵᠤ᠂ ︽ᠳᠦᠷᠪᠡᠨ ᠪᠦᠬᠦ ᠲᠠᠯᠠ︾ ᠶᠢᠨ ᠪᠠᠶᠢᠯᠳᠤᠬᠤ ᠪᠤᠳᠤᠯᠭᠠ ᠶᠢᠨ ᠪᠠᠶᠢᠷᠢᠰᠢᠭᠤᠯᠤᠯᠳᠠ ᠶᠢ | ᠵᠤᠬᠢᠴᠠᠩᠭᠤᠢ ᠠᠬᠢᠭᠤᠯᠵᠤ᠂ ᠨᠠᠮ ᠪᠤᠯᠤᠨ ᠤᠯᠤᠰ ᠤᠨ ᠡᠯᠠ ᠵᠦᠢᠯ ᠤᠨ ᠦᠢᠯᠡᠰ ᠰᠢᠨᠠ ᠴᠢᠬᠤᠯᠠ ᠶᠡᠭᠡ ᠠᠮᠵᠢᠯᠳᠠ ᠤᠯᠪᠠ᠃ | ᠨᠠᠮ ᠤᠨ ᠲᠦᠪ ᠬᠤᠷᠢᠶᠠᠨ ᠤ ᠪᠠᠳᠤ ᠴᠢᠩᠭᠠ ᠤᠳᠤᠷᠢᠳᠤᠯᠭᠠ ᠳᠤᠤᠷᠠ᠂ ᠡᠯᠠ ᠱᠠᠳᠤᠨ ᠤ ᠰᠠᠬᠢᠯᠭᠠ ᠪᠠᠳᠤ ᠪᠠᠶᠢᠴᠠᠭᠠᠬᠤ | ᠬᠢᠨᠠᠨ ᠪᠠᠶᠢᠴᠠᠭᠠᠬᠤ ᠪᠠᠶᠢᠭᠤᠯᠭᠠ ︽ᠳᠦᠷᠪᠡᠨ ᠤᠬᠠᠮᠰᠠᠷ︾ ᠢ ᠪᠠᠳᠤ ᠪᠤᠢ ᠪᠤᠯᠭᠠᠵᠤ᠂ ᠰᠢ ᠶᠢᠨ ᠫᠢᠩ ᠤᠨ ᠰᠢᠨᠠ ᠴᠠᠭ | ᠦᠶᠠ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭᠠ ᠶᠢ ᠭᠦᠨᠵᠡᠭᠡᠢ ᠰᠤᠷᠤᠯᠴᠠᠵᠤ᠂ | ᠪᠤᠳᠠᠳᠠᠢ ᠲᠠᠢ ᠤᠶᠠᠯᠳᠤᠭᠤᠯᠤᠨ ᠰᠤᠷᠤᠯᠴᠠᠵᠤ᠂ ᠦᠷᠭᠦᠯᠵᠢᠯᠡᠨ ᠲᠠᠭᠠᠨ ᠰᠤᠷᠤᠯᠴᠠᠵᠤ᠂ ᠲᠦᠢᠯᠪᠤᠷᠢᠳᠠᠢ ᠤᠢᠢᠯᠠᠭᠠᠳᠠᠯᠠ ᠪᠠᠨ | ᠰᠤᠷᠤᠯᠴᠠᠵᠤ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠪᠦᠬᠦ ᠲᠠᠯᠠ ᠪᠠᠷ ᠨᠠᠮ ᠢ ᠴᠢᠩᠭᠠ ᠵᠠᠰᠠᠬᠤ ᠪᠠᠶᠢᠯᠳᠤᠬᠤ | ᠪᠤᠳᠤᠯᠭᠠ ᠶᠢᠨ ᠪᠠᠶᠢᠷᠢᠯᠠᠭᠤᠯᠤᠯᠳᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠰᠠᠬᠢᠯᠭᠠ ᠪᠠᠳᠤ ᠪᠠᠶᠢᠴᠠᠭᠠᠬᠤ ᠬᠢᠨᠠᠨ | ᠪᠠᠶᠢᠴᠠᠭᠠᠬᠤ ᠠᠵᠢᠯ ᠤᠨ ᠰᠢᠨᠠ ᠦᠷᠠ ᠪᠦᠳᠦᠮᠵᠢ ᠤᠯᠬᠤ ᠶᠢ ᠠᠬᠢᠭᠤᠯᠪᠠ᠃ ᠨᠠᠮ ᠤᠨ ᠤᠯᠤᠰ ᠲᠦᠷᠦ ᠶᠢᠨ | ᠪᠠᠶᠢᠭᠤᠯᠤᠯᠳᠠ ᠶᠢ ᠲᠡᠷᠢᠭᠦᠨ ᠪᠠᠶᠢᠷᠢᠨ ᠳᠤ ᠲᠠᠯᠪᠢᠵᠤ᠂ ᠶᠡᠷᠦᠩᠬᠡᠢ ᠱᠦᠵᠢ ᠰᠢ ᠶᠢᠨ ᠫᠢᠩ ᠤᠨ ᠨᠠᠮ ᠤᠨ ᠲᠦᠪ ᠬᠤᠷᠢᠶᠠᠨ ᠤ | ᠭᠤᠤᠯᠯᠠᠭᠴᠢ ᠪᠤᠯᠬᠤ᠂ ᠪᠦᠬᠦ ᠨᠠᠮ ᠤᠨ ᠭᠤᠤᠯᠯᠠᠭᠴᠢ ᠪᠤᠯᠬᠤ ᠪᠠᠶᠢᠷᠢ ᠰᠠᠭᠤᠷᠢ ᠶᠢ ᠡᠷᠡᠰ ᠬᠠᠮᠠᠭᠠᠯᠠᠵᠤ᠂ ᠨᠠᠮ ᠤᠨ ᠲᠦᠪ | ᠬᠤᠷᠢᠶᠠᠨ ᠤ ᠡᠷᠬᠡ ᠰᠦᠷ ᠪᠤᠯᠤᠨ ᠲᠦᠪᠯᠡᠷᠡᠩᠭᠦᠢ ᠨᠢᠭᠡᠳᠦᠯᠳᠠᠢ ᠤᠳᠤᠷᠢᠳᠤᠯᠭᠠ ᠶᠢ ᠡᠷᠡᠰ ᠬᠠᠮᠠᠭᠠᠯᠠᠵᠤ᠂ ᠨᠠᠮ ᠤᠨ ᠱᠤᠭᠤᠮ | ᠴᠢᠭᠯᠡᠯᠳᠡ ᠲᠦᠷᠦ ᠶᠢᠨ ᠪᠤᠳᠤᠯᠭᠠ ᠪᠤᠯᠤᠨ ᠨᠠᠮ ᠤᠨ ᠲᠦᠪ ᠬᠤᠷᠢᠶᠠᠨ ᠤ ᠴᠢᠬᠤᠯᠠ ᠶᠡᠭᠡ ᠰᠢᠢᠳᠪᠦᠷᠢᠳᠤ ᠪᠤᠳᠤᠯᠭᠠ | ᠪᠠᠶᠢᠷᠢᠯᠠᠭᠤᠯᠤᠯᠳᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠤᠭᠰᠠᠨ ᠪᠠᠶᠢᠳᠠᠯ ᠢ ᠪᠠᠶᠢᠴᠠᠭᠠᠵᠤ᠂ ᠨᠠᠮ ᠤᠨ ᠲᠦᠪ ᠬᠤᠷᠢᠶᠠᠨ ᠤ | ᠵᠠᠰᠠᠭ ᠤᠨ ᠵᠠᠷᠯᠢᠭ ᠢ ᠰᠠᠭᠠᠳ ᠦᠭᠡᠢ ᠶᠠᠪᠤᠭᠳᠠᠭᠤᠯᠬᠤ ᠶᠢ ᠪᠠᠳᠤᠯᠠᠪᠠ᠃ ᠨᠠᠮ ᠤᠨ ᠰᠠᠬᠢᠯᠭᠠ ᠪᠠᠳᠤ ᠪᠠᠶᠢᠴᠠᠭᠠᠬᠤ | ᠪᠠᠶᠢᠭᠤᠯᠤᠮᠵᠢ ᠶᠢᠨ ᠦᠭᠡᠷᠡᠴᠢᠯᠡᠯᠳᠡ᠂ ᠤᠯᠤᠰ ᠤᠨ ᠬᠢᠨᠠᠨ ᠪᠠᠶᠢᠴᠠᠭᠠᠬᠤ ᠪᠠᠶᠢᠭᠤᠯᠤᠮᠵᠢ ᠶᠢᠨ ᠦᠭᠡᠷᠡᠴᠢᠯᠡᠯᠳᠡ ᠪᠤᠯᠤᠨ | ᠰᠠᠬᠢᠯᠭᠠ ᠪᠠᠳᠤ ᠪᠠᠶᠢᠴᠠᠭᠠᠬᠤ ᠬᠢᠨᠠᠨ ᠪᠠᠶᠢᠴᠠᠭᠠᠬᠤ ᠪᠠᠶᠢᠭᠤᠯᠤᠮᠵᠢ ᠶᠢᠨ ᠦᠭᠡᠷᠡᠴᠢᠯᠡᠯᠳᠡ ᠶᠢ ᠨᠢᠭᠡ ᠴᠤᠭᠴᠠᠵᠢᠭᠤᠯᠤᠨ | ᠠᠬᠢᠭᠤᠯᠵᠤ᠂ ᠡᠯᠠ ᠱᠠᠳᠤᠨ ᠤ ᠬᠢᠨᠠᠨ ᠪᠠᠶᠢᠴᠠᠭᠠᠬᠤ ᠵᠦᠪᠯᠡᠯ ᠢ ᠪᠠᠶᠢᠭᠤᠯᠬᠤ ᠪᠠ ᠠᠵᠢᠯᠳᠠᠨ ᠢᠶᠠᠨ ᠰᠢᠯᠵᠢᠭᠦᠯᠬᠦ ᠶᠢ ᠪᠦ᠋ᠬᠦ | ᠲᠠᠯᠠ ᠪᠠᠷ ᠪᠡᠶᠡᠯᠡᠭᠦᠯᠵᠤ᠂ ᠰᠠᠬᠢᠯᠭᠠ ᠪᠠᠳᠤ ᠪᠠᠶᠢᠴᠠᠭᠠᠬᠤ ᠬᠤᠷᠢᠶᠠ ᠬᠢᠨᠠᠨ ᠪᠠᠶᠢᠴᠠᠭᠠᠬᠤ ᠵᠦᠪᠯᠡᠯ ᠤᠨ ᠬᠢᠨᠠᠯᠳᠠ ᠲᠠᠯᠪᠢᠨ | ᠪᠠᠶᠢᠴᠠᠭᠠᠬᠤ ᠪᠤᠯᠤᠨ ᠬᠢᠨᠠᠨ ᠪᠠᠶᠢᠴᠠᠭᠠᠵᠤ ᠪᠠᠶᠢᠴᠠᠭᠠᠯᠳᠠ ᠬᠢᠬᠦ ᠰᠠᠯᠠᠭᠠ ᠮᠦᠴᠢᠷ ᠢ ᠰᠠᠯᠭᠠᠨ ᠲᠤᠬᠢᠷᠠᠭᠤᠯᠬᠤ ᠶᠢ | ᠬᠡᠷᠡᠭᠵᠢᠭᠦᠯᠵᠤ᠂ ᠲᠤᠮᠢᠯᠠᠨ ᠰᠠᠭᠤᠯᠭᠠᠵᠤ ᠬᠢᠨᠠᠯᠳᠠ ᠲᠠᠯᠪᠢᠬᠤ ᠠᠵᠢᠯ ᠤᠨ ᠪᠠᠶᠢᠭᠤᠯᠤᠮᠵᠢ ᠲᠤᠭᠳᠠᠴᠠ ᠶᠢᠨ ᠰᠢᠨᠠ ᠶᠢ | ᠡᠭᠦᠳᠴᠤ᠂ ᠬᠠᠤᠯᠢ ᠳᠦᠷᠢᠮ ᠤᠨ ᠪᠠᠶᠢᠭᠤᠯᠤᠯᠳᠠ ᠶᠢ ᠴᠢᠩᠭᠠᠳᠬᠠᠵᠤ᠂ ᠰᠠᠬᠢᠯᠭᠠ ᠪᠠᠳᠤ ᠪᠠ ᠬᠠᠤᠯᠢ ᠴᠠᠭᠠᠵᠠ ᠶᠢ | ᠬᠤᠯᠪᠤᠯᠳᠤᠭᠤᠯᠬᠤ᠂ ᠬᠠᠤᠯᠢ ᠨᠤᠭᠤᠳ ᠢ ᠵᠤᠯᠭᠠᠭᠤᠯᠬᠤ ᠶᠢ ᠠᠬᠢᠭᠤᠯᠪᠠ᠃ ᠤᠯᠤᠰ ᠲᠦᠷᠦ ᠶᠢᠨ ᠲᠤᠭᠤᠷᠢᠨ ᠪᠠᠶᠢᠴᠠᠭᠠᠯᠳᠠ ᠶᠢ | ᠭᠦᠨᠵᠡᠭᠡᠶᠢᠷᠡᠭᠦᠯᠵᠤ᠂ ᠠᠰᠠᠭᠤᠳᠠᠯ ᠢ ᠢᠯᠡᠷᠡᠭᠦᠯᠬᠦ ᠪᠤᠯᠤᠨ ᠴᠡᠭᠴᠡᠯᠡᠨ ᠰᠠᠶᠢᠵᠢᠷᠠᠭᠤᠯᠵᠤ ᠨᠠᠶᠢᠳᠠᠪᠤᠷᠢᠵᠢᠭᠤᠯᠬᠤ ᠶᠢ ᠵᠡᠷᠭᠡ ᠪᠠᠷ | ᠴᠢᠬᠤᠯᠠᠴᠢᠯᠠᠬᠤ ᠶᠢ ᠪᠠᠷᠢᠮᠳᠠᠯᠠᠵᠤ᠂ ᠪᠠᠶᠢᠩᠭᠤ ᠶᠢᠨ ᠲᠤᠭᠤᠷᠢᠨ ᠪᠠᠶᠢᠴᠠᠭᠠᠯᠳᠠ ᠪᠤᠯᠤᠨ ᠲᠤᠰᠬᠠᠢ ᠲᠦᠷᠦᠯ ᠤᠨ ᠲᠤᠭᠤᠷᠢᠨ | ᠪᠠᠶᠢᠴᠠᠭᠠᠯᠳᠠ ᠶᠢ ᠤᠶᠠᠯᠳᠤᠭᠤᠯᠵᠤ᠂ ᠲᠤᠭᠤᠷᠢᠨ ᠪᠠᠶᠢᠴᠠᠭᠠᠬᠤ ᠴᠠᠭᠳᠠᠨ ᠪᠠᠶᠢᠴᠠᠭᠠᠬᠤ ᠳᠡᠭᠡᠳᠦ ᠳᠤᠤᠷᠠᠳᠦ ᠱᠠᠳᠤ ᠬᠤᠯᠪᠤᠯᠳᠤᠨ | ᠬᠦᠳᠡᠯᠦᠯᠴᠡᠬᠦ ᠬᠢᠨᠠᠯᠳᠠ ᠲᠠᠯᠪᠢᠬᠤ ᠲᠤᠤᠷ ᠢ ᠰᠦᠪᠡᠭᠴᠢᠯᠡᠨ ᠪᠠᠶᠢᠭᠤᠯᠪᠠ᠃ ᠲᠦᠪ ᠤᠨ ᠨᠠᠢᠮᠠᠨ ᠲᠤᠭᠳᠠᠭᠠᠯ ᠤᠨ ᠵᠤᠷᠢᠭ | ᠰᠠᠨᠠᠭᠠ ᠶᠢ ᠴᠦᠬᠦᠷᠡᠰᠢ ᠦᠭᠡᠢ ᠨᠠᠶᠢᠳᠠᠪᠤᠷᠢᠵᠢᠭᠤᠯᠵᠤ᠂ ᠴᠢᠬᠤᠯᠠ ᠴᠠᠭ ᠬᠤᠭᠤᠴᠠᠭᠠ ᠶᠢ ᠠᠳᠬᠤᠵᠤ ᠰᠤᠷᠳᠠᠯ ᠢ ᠴᠡᠭᠴᠡᠯᠡᠨ | ᠰᠠᠬᠢᠯᠭᠠ ᠪᠠᠳᠤ ᠶᠢ ᠴᠢᠩᠳᠠᠯᠠᠵᠤ᠂ ᠬᠡᠯᠪᠡᠷᠢᠴᠢ ᠦᠵᠡᠯ᠂ ᠨᠤᠶᠠᠨᠴᠢ ᠰᠤᠷᠳᠠᠯ ᠢ ᠲᠦᠪᠯᠡᠷᠡᠩᠭᠦᠢ ᠴᠡᠭᠴᠡᠯᠡᠨ ᠵᠠᠰᠠᠵᠤ᠂ | ᠰᠤᠷᠳᠠᠯ ᠤᠨ ᠪᠠᠶᠢᠭᠤᠯᠤᠯᠳᠠ ᠶᠢᠨ ᠦᠷᠠ ᠪᠦᠲᠦᠭᠡᠯ ᠢᠶᠠᠨ ᠪᠠᠬᠢᠵᠢᠭᠦᠯᠦᠨ ᠦᠷᠭᠡᠳᠭᠡᠪᠡ᠃ ᠰᠠᠬᠢᠯᠭᠠ ᠪᠠᠳᠤ ᠶᠢᠨ | ᠪᠠᠶᠢᠭᠤᠯᠤᠯᠳᠠ ᠶᠢᠨ ᠤᠯᠤᠰ ᠲᠦᠷᠦ ᠶᠢᠨ ᠴᠢᠨᠠᠷ᠂ ᠴᠠᠭ ᠦᠶᠡᠴᠢ ᠴᠢᠨᠠᠷ᠂ ᠬᠠᠨᠳᠤᠯᠭᠠᠳᠤ ᠴᠢᠨᠠᠷ ᠢ ᠳᠡᠭᠡᠭᠰᠢᠯᠡᠭᠦᠯᠵᠤ᠂ | ᠰᠢᠨᠠ ᠪᠠᠷ ᠵᠠᠰᠠᠪᠤᠷᠢ ᠤᠷᠤᠭᠤᠯᠤᠭᠰᠠᠨ ᠨᠠᠮ ᠤᠨ ᠰᠠᠬᠢᠯᠭᠠ ᠪᠠᠳᠤ ᠶᠢᠨ ᠰᠢᠢᠳᠭᠡᠯ ᠦᠭᠬᠦ ᠳᠦᠷᠢᠮ ᠢ ᠲᠦᠷᠦᠭᠦᠯᠡᠨ | ᠰᠤᠷᠤᠯᠴᠠᠵᠤ ᠲᠤᠭᠤᠰᠢᠯᠠᠭᠤᠯᠵᠤ᠂ ᠬᠢᠨᠠᠯᠳᠠ ᠲᠠᠯᠪᠢᠵᠤ ᠰᠠᠬᠢᠯᠭᠠ ᠪᠠᠳᠤ ᠬᠡᠷᠡᠭᠵᠢᠭᠦᠯᠬᠦ ︽ᠳᠦᠷᠪᠡᠨ ᠬᠡᠯᠪᠡᠷᠢ ᠪᠠᠶᠢᠳᠠᠯ︾ ᠢ | ᠭᠦᠨᠵᠡᠭᠡᠢ ᠬᠡᠷᠡᠭᠵᠢᠭᠦᠯᠵᠤ᠂ ᠡᠳᠦᠷ ᠳᠤᠳᠤᠮ ᠤᠨ ᠬᠢᠨᠠᠯᠳᠠ ᠲᠠᠯᠪᠢᠬᠤ ᠶᠢ ᠴᠢᠩᠭᠠᠷᠠᠭᠤᠯᠵᠤ᠂ ᠤᠨᠢᠨ ᠳᠡᠭᠡᠷᠠ ᠨᠢ | ᠬᠠᠷᠢᠭᠤᠴᠠᠯᠭᠠ ᠲᠤᠯᠭᠠᠵᠤ ᠬᠠᠷᠢᠭᠤᠴᠠᠯᠭᠠ ᠨᠡᠭᠡᠮᠵᠢᠯᠡᠪᠡ᠃ ᠢᠯᠵᠢᠷᠡᠯ ᠢ ᠵᠠᠯᠬᠠᠭᠠᠬᠤ ᠰᠦᠷ ᠬᠦᠴᠦᠳᠤ ᠪᠠᠶᠢᠳᠠᠯ ᠢ ᠪᠠᠳᠤᠯᠠᠵᠤ᠂ | ︽ᠪᠠᠷᠰ ᠴᠤᠬᠢᠬᠤ︾᠂ ︽ᠢᠯᠠᠭᠠ ᠴᠤᠬᠢᠬᠤ︾᠂ ︽ᠦᠨᠡᠭᠡ ᠠᠩᠨᠠᠬᠤ︾ ᠶᠢ ᠵᠡᠷᠭᠡ ᠪᠠᠷ ᠠᠬᠢᠭᠤᠯᠵᠤ᠂ ᠦᠭᠡᠷᠡᠴᠢᠯᠡᠯᠳᠡ ᠶᠢ | ᠠᠬᠢᠭᠤᠯᠵᠤ᠂ ᠳᠦᠷᠢᠮ ᠢ ᠳᠡᠭᠦᠯᠳᠡᠷᠵᠢᠭᠦᠯᠵᠤ᠂ ᠬᠦᠮᠦᠵᠢᠯ ᠢ ᠴᠢᠩᠭᠠᠳᠬᠠᠵᠤ᠂ ᠦᠩᠭᠡᠨ ᠲᠠᠯᠠ ᠪᠠ ᠦᠨᠳᠦᠰᠦ ᠶᠢ ᠨᠢ | ᠵᠡᠷᠭᠡ ᠪᠠᠷ ᠵᠠᠰᠠᠬᠤ ᠶᠢ ᠲᠠᠰᠤᠷᠠᠯᠳᠠ ᠦᠭᠡᠢ ᠭᠦᠨᠵᠡᠭᠡᠶᠢᠷᠡᠭᠦᠯᠪᠠ᠃ ᠶᠠᠳᠠᠭᠤ ᠶᠢ ᠳᠡᠳᠬᠦᠬᠦ ᠬᠦᠷᠢᠶᠡᠨ ᠤ ᠢᠯᠵᠢᠷᠡᠯ ᠪᠤᠯᠤᠨ | ᠰᠤᠷᠳᠠᠯ ᠤᠨ ᠠᠰᠠᠭᠤᠳᠠᠯ ᠢ ᠲᠤᠰᠬᠠᠢᠢᠯᠠᠨ ᠵᠠᠰᠠᠵᠤ᠂ ᠠᠷᠠᠳ ᠤᠨ ᠠᠮᠢᠳᠤᠷᠠᠯ ᠤᠨ ᠬᠦᠷᠢᠶᠠᠨ ᠤ ᠰᠠᠬᠢᠯᠭᠠ ᠪᠠᠳᠤ ᠶᠢ | ᠵᠦᠷᠢᠴᠡᠭᠰᠡᠨ ᠬᠠᠤᠯᠢ ᠴᠠᠭᠠᠵᠠ ᠶᠢ ᠵᠦᠷᠢᠴᠡᠭᠰᠡᠨ ᠠᠵᠢᠯᠯᠭᠠ ᠶᠢ ᠴᠢᠩᠭᠠ ᠪᠠᠶᠢᠴᠠᠭᠠᠵᠤ᠂ ᠬᠠᠷᠠ ᠪᠦᠯᠦᠭᠳᠡᠨ ᠬᠠᠷᠬᠢᠰ | ᠬᠦᠴᠦᠨ ᠤ ︽ᠬᠠᠮᠠᠭᠠᠯᠠᠭᠴᠢ︾ ᠶᠢ ᠴᠢᠩᠭᠠ ᠵᠠᠯᠬᠠᠭᠠᠪᠠ᠃ ᠰᠠᠬᠢᠯᠭᠠ ᠪᠠᠳᠤ ᠪᠠᠶᠢᠴᠠᠭᠠᠬᠤ ᠬᠢᠨᠠᠨ ᠪᠠᠶᠢᠴᠠᠭᠠᠬᠤ | ᠪᠠᠶᠢᠭᠤᠯᠭᠠ ᠶᠢᠨ ᠨᠠᠮ ᠤᠨ ᠤᠯᠤᠰ ᠲᠦᠷᠦ ᠶᠢᠨ ᠪᠠᠶᠢᠭᠤᠯᠤᠯᠳᠠ ᠶᠢ ᠴᠢᠩᠭᠠᠳᠬᠠᠵᠤ᠂ ᠲᠤᠰᠢᠶᠠᠯ ᠢᠶᠠᠨ ᠭᠦᠢᠴᠡᠳᠭᠡᠬᠦ | ᠡᠷᠳᠡᠮ ᠢᠶᠠᠨ ᠴᠢᠩᠭᠠᠳᠬᠠᠵᠤ᠂ ᠲᠤᠰ ᠪᠡᠶᠠ ᠶᠢᠨ ᠬᠢᠨᠠᠯᠳᠠ ᠪᠠᠨ ᠴᠢᠩᠭᠠᠳᠬᠠᠵᠤ᠂ ᠡᠷᠡᠰ ᠬᠠᠳᠠᠨ ᠵᠠᠩ ᠰᠤᠷᠳᠠᠯ ᠪᠤᠯᠤᠨ ᠡᠷᠳᠡᠮ | ᠴᠢᠳᠠᠪᠤᠷᠢ ᠪᠠᠷ ᠡᠯᠠ ᠵᠦᠢᠯ ᠤᠨ ᠠᠵᠢᠯ ᠢᠶᠠᠨ ᠯᠠᠪᠳᠠᠭᠤᠨ ᠪᠠᠳᠤᠳᠠᠢ ᠠᠬᠢᠭᠤᠯᠪᠠ ᠭᠡᠵᠤ ᠵᠢᠭᠠᠵᠤ ᠭᠠᠷᠭᠠᠵᠠᠢ᠃ ᠠᠮᠵᠢᠯᠳᠠ ᠪᠠᠨ | ᠨᠤᠳᠠᠯᠠᠬᠤ ᠶᠢᠨ ᠬᠠᠮᠳᠦ᠂ ᠪᠦᠬᠦᠳᠡ ᠬᠤᠷᠠᠯ ᠠᠴᠠ ᠰᠠᠬᠢᠯᠭᠠ ᠪᠠᠳᠤ ᠪᠠᠶᠢᠴᠠᠭᠠᠬᠤ ᠬᠢᠨᠠᠨ ᠪᠠᠶᠢᠴᠠᠭᠠᠬᠤ ᠠᠵᠢᠯ ᠳᠤ ᠲᠤᠯᠭᠠᠷᠠᠵᠤ | ᠪᠠᠶᠢᠭᠠ ᠪᠠᠶᠢᠳᠠᠯ ᠪᠤᠯᠤᠨ ᠤᠷᠤᠰᠢᠵᠤ ᠪᠠᠶᠢᠭᠠ ᠠᠰᠠᠭᠤᠳᠠᠯ ᠢ ᠵᠠᠳᠠᠯᠵᠤ᠂ ᠳᠡᠭᠡᠳᠦ ᠬᠡᠮᠵᠢᠶᠠ ᠪᠠᠷ ᠴᠢᠬᠤᠯᠠᠴᠢᠯᠠᠨ᠂ ᠨᠠᠷᠢᠨ | ᠬᠢᠨᠠᠮᠠᠭᠠᠢ ᠰᠢᠢᠳᠪᠦᠷᠢᠯᠡᠬᠦ ᠶᠢ ᠱᠠᠭᠠᠷᠳᠠᠪᠠ᠃ | ᠪᠦᠬᠦᠳᠡ ᠬᠤᠷᠠᠯ ᠠᠴᠠ ᠦᠭᠡᠷᠡᠴᠢᠯᠡᠯᠳᠡ ᠨᠡᠬᠡᠬᠡᠯᠳᠡ ᠬᠢᠭᠰᠡᠨ 40 ᠵᠢᠯ ᠤᠨ ᠲᠤᠷᠰᠢᠬᠢ ᠰᠠᠬᠢᠯᠭᠠ ᠪᠠᠳᠤ | ᠪᠠᠶᠢᠴᠠᠭᠠᠬᠤ ᠬᠢᠨᠠᠨ ᠪᠠᠶᠢᠴᠠᠭᠠᠬᠤ ᠠᠵᠢᠯ ᠢᠶᠠᠨ ᠳ᠋ᠦᠩᠨᠡᠵᠤ᠂ ᠳᠤᠤᠷᠠᠬᠢ ᠲᠠᠨᠢᠯᠳᠠ ᠪᠠ ᠤᠢᠢᠯᠠᠭᠠᠯᠳᠠ ᠲᠠᠢ ᠪᠤᠯᠵᠠᠢ᠄ ᠨᠢᠭᠡ ᠳᠤ | ᠨᠠᠮ ᠠᠴᠠ ᠪᠦᠬᠦ ᠲᠠᠯᠠ ᠶᠢ ᠤᠳᠤᠷᠢᠳᠬᠤ ᠦᠨᠳᠦᠰᠦᠨ ᠵᠠᠷᠴᠢᠮ ᠢ ᠢᠮᠠᠭᠳᠠ ᠪᠠᠷᠢᠮᠳᠠᠯᠠᠨ ᠴᠢᠩᠭᠠᠳᠬᠠᠵᠤ᠂ ᠨᠠᠮ ᠤᠨ ᠲᠦᠪ | ᠬᠤᠷᠢᠶᠠᠨ ᠤ ᠡᠷᠬᠡ ᠰᠦᠷ ᠪᠤᠯᠤᠨ ᠲᠦᠪᠯᠡᠷᠡᠩᠭᠦᠢ ᠨᠢᠭᠡᠳᠦᠯᠳᠠᠢ ᠤᠳᠤᠷᠢᠳᠤᠯᠭᠠ ᠶᠢ ᠡᠷᠡᠰ ᠬᠠᠮᠠᠭᠠᠯᠠᠵᠤ᠂ ᠨᠠᠮ ᠤᠨ ᠱᠤᠭᠤᠮ | ᠴᠢᠭᠯᠡᠯᠳᠡ ᠲᠦᠷᠦ ᠶᠢᠨ ᠪᠤᠳᠤᠯᠭᠠ ᠪᠤᠯᠤᠨ ᠨᠠᠮ ᠤᠨ ᠲᠦᠪ ᠬᠤᠷᠢᠶᠠᠨ ᠤ ᠴᠢᠬᠤᠯᠠ ᠶᠡᠭᠡ ᠰᠢᠢᠳᠪᠦᠷᠢᠳᠤ ᠪᠤᠳᠤᠯᠭᠠ | ᠪᠠᠶᠢᠷᠢᠯᠠᠭᠤᠯᠤᠯᠳᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠶᠢ ᠪᠠᠳᠤᠯᠠᠬᠤ ᠬᠡᠷᠡᠭᠳᠠᠢ᠃ ᠬᠤᠶᠠᠷ ᠲᠤ ᠨᠠᠮ ᠤᠨ | ᠬᠤᠷᠢᠶᠠᠨ ᠳᠤ ᠬᠠᠮᠵᠢᠯᠴᠠᠨ ᠪᠦᠬᠦ ᠲᠠᠯᠠ ᠪᠠᠷ ᠨᠠᠮ ᠢ ᠴᠢᠩᠭᠠ ᠵᠠᠰᠠᠬᠤ ᠶᠢ ᠠᠬᠢᠭᠤᠯᠬᠤ ᠡᠭᠦᠷᠭᠡ ᠬᠠᠷᠢᠭᠤᠴᠠᠯᠭᠠ ᠶᠢᠨ ᠪᠠᠶᠢᠷᠢ | ᠲᠤᠭᠳᠠᠭᠠᠯᠳᠠ ᠶᠢ ᠢᠮᠠᠭᠳᠠ ᠪᠠᠳᠤ ᠰᠠᠬᠢᠵᠤ᠂ ᠨᠠᠮ ᠤᠨ ᠪᠠᠶᠢᠭᠤᠯᠤᠯᠳᠠ ᠶᠢᠨ ᠰᠢᠨᠠ ᠠᠭᠤᠤ ᠶᠡᠭᠡ ᠢᠨᠵᠧᠨᠧᠷᠢᠩ ᠢ ᠡᠷᠡᠰ | ᠭᠤᠶᠢᠪᠢᠰᠢ ᠦᠭᠡᠢ ᠠᠬᠢᠭᠤᠯᠵᠤ᠂ ᠨᠠᠮ ᠤᠨ ᠲᠤᠰ ᠪᠡᠶᠠ ᠶᠢᠨ ᠬᠤᠪᠢᠰᠬᠠᠯ ᠢᠶᠠᠷ ᠨᠠᠮ ᠤᠨ ᠤᠳᠤᠷᠢᠳᠤᠭᠰᠠᠨ ᠨᠡᠶᠢᠭᠡᠮ ᠤᠨ | ᠬᠤᠪᠢᠰᠬᠠᠯ ᠢ ᠲᠠᠰᠤᠷᠠᠯᠳᠠ ᠦᠭᠡᠢ ᠠᠬᠢᠭᠤᠯᠬᠤ ᠬᠡᠷᠡᠭᠳᠠᠢ᠃ ᠭᠤᠷᠪᠠ ᠳᠤ ᠠᠷᠠᠳ ᠲᠦᠮᠡᠨ ᠢᠶᠠᠷ ᠭᠤᠤᠯ ᠪᠤᠯᠭᠠᠬᠤ ᠤᠯᠤᠰ | ᠲᠦᠷᠦ ᠶᠢᠨ ᠵᠤᠭᠰᠤᠴᠠ ᠶᠢ ᠢᠮᠠᠭᠳᠠ ᠪᠠᠷᠢᠮᠳᠠᠯᠠᠵᠤ᠂ ᠤᠯᠠᠨ ᠲᠦᠮᠡᠨ ᠤ ᠳᠤᠰᠬᠠᠯ ᠴᠢᠩᠭᠠ ᠪᠠᠶᠢᠭᠠ᠂ ᠤᠯᠠᠨ ᠲᠦᠮᠡᠨ ᠤ | ᠠᠰᠢᠭ ᠲᠤᠰᠠ ᠶᠢ ᠬᠤᠬᠢᠷᠠᠭᠤᠯᠤᠭᠰᠠᠨ ᠳᠤᠪᠤᠶᠢᠮᠠ ᠠᠰᠠᠭᠤᠳᠠᠯ ᠢ ᠴᠢᠷᠮᠠᠶᠢᠨ ᠰᠢᠢᠳᠪᠦᠷᠢᠯᠡᠵᠤ᠂ ᠨᠠᠮ ᠤᠨ ᠲᠦᠷᠦ ᠪᠠᠷᠢᠬᠤ | ᠤᠯᠤᠰ ᠲᠦᠷᠦ ᠶᠢᠨ ᠰᠠᠭᠤᠷᠢ ᠪᠤᠯᠤᠨ ᠤᠯᠠᠨ ᠲᠦᠮᠡᠨ ᠤ ᠰᠠᠭᠤᠷᠢ ᠶᠢ ᠲᠠᠰᠤᠷᠠᠯᠳᠠ ᠦᠭᠡᠢ ᠪᠠᠬᠢᠵᠢᠭᠦᠯᠬᠦ ᠬᠡᠷᠡᠭᠳᠠᠢ᠃ | ᠳᠦᠷᠪᠡ ᠳᠤ ᠢᠯᠵᠢᠷᠡᠯ ᠢ ᠡᠰᠡᠷᠭᠦᠴᠡᠬᠦ ᠲᠡᠮᠡᠴᠡᠯ ᠢ ᠠᠬᠢᠭᠤᠯᠬᠤ ᠬᠦᠨᠳᠤ ᠡᠭᠦᠷᠭᠡ ᠶᠢ ᠢᠮᠠᠭᠳᠠ ᠡᠭᠦᠷᠭᠡᠯᠡᠵᠤ᠂ ᠦᠩᠭᠡᠨ ᠲᠠᠯᠠ | ᠪᠠ ᠦᠨᠳᠦᠰᠦ ᠠᠴᠠ ᠨᠢ ᠵᠡᠷᠭᠡ ᠪᠠᠷ ᠵᠠᠰᠠᠬᠤ ᠶᠢ ᠪᠠᠷᠢᠮᠳᠠᠯᠠᠵᠤ᠂ ᠦᠨᠳᠦᠰᠦ ᠶᠢ ᠪᠠᠬᠢᠵᠢᠭᠦᠯᠦᠨ ᠰᠠᠭᠤᠷᠢ ᠶᠢ ᠪᠠᠳᠤᠳᠬᠠᠵᠤ᠂ | ᠢᠯᠵᠢᠷᠡᠬᠤ ᠠᠴᠠ ᠵᠢᠷᠦᠬᠡᠰᠢᠶᠡᠬᠦ᠂ ᠢᠯᠵᠢᠷᠡᠵᠤ ᠴᠢᠳᠠᠬᠤ ᠦᠭᠡᠢ᠂ ᠢᠯᠵᠢᠷᠡᠬᠤ ᠶᠢ ᠪᠤᠳᠤᠬᠤ ᠦᠭᠡᠢ ᠪᠠᠶᠢᠬᠤ ᠪᠦᠲᠦᠮᠵᠢᠳᠠᠢ | ᠲᠤᠭᠳᠠᠴᠠ ᠶᠢ ᠪᠠᠶᠢᠭᠤᠯᠬᠤ ᠬᠡᠷᠡᠭᠳᠠᠢ᠃ ᠲᠠᠪᠤ ᠳᠤ ᠲᠡᠮᠦᠷ ᠢ ᠳᠠᠪᠳᠠᠬᠤ ᠳᠤ ᠦᠪᠡᠷ ᠢᠶᠠᠨ ᠵᠠᠪᠠᠯ ᠬᠠᠳᠠᠭᠤ ᠪᠠᠶᠢᠬᠤ ᠬᠡᠷᠡᠭᠳᠠᠢ | ᠭᠡᠬᠦ ᠴᠢᠬᠤᠯᠠ ᠱᠠᠭᠠᠷᠳᠠᠯᠭᠠ ᠶᠢ ᠢᠮᠠᠭᠳᠠ ᠪᠠᠳᠤ ᠴᠡᠭᠡᠵᠢᠯᠡᠵᠤ᠂ ᠦᠭᠡᠷᠡᠴᠢᠯᠡᠯᠳᠡ ᠬᠢᠵᠤ ᠰᠢᠨᠠ ᠶᠢ ᠡᠭᠦᠳᠬᠦ ᠵᠤᠷᠢᠭ | ᠰᠠᠨᠠᠭᠠ ᠪᠠᠷ ᠰᠠᠬᠢᠯᠭᠠ ᠪᠠᠳᠤ ᠪᠠᠶᠢᠴᠠᠭᠠᠬᠤ ᠬᠢᠨᠠᠨ ᠪᠠᠶᠢᠴᠠᠭᠠᠬᠤ ᠪᠠᠶᠢᠭᠤᠯᠭᠠ ᠶᠢᠨ ᠲᠤᠰ ᠪᠡᠶᠠ ᠶᠢᠨ ᠪᠠᠶᠢᠭᠤᠯᠤᠯᠳᠠ ᠶᠢ | ᠴᠢᠩᠭᠠᠳᠬᠠᠵᠤ᠂ ᠨᠠᠮ ᠪᠤᠯᠤᠨ ᠠᠷᠠᠳ ᠲᠦᠮᠡᠨ ᠤ ᠦᠨᠡᠨᠴᠢ ᠰᠢᠳᠤᠷᠭᠤ ᠬᠠᠮᠠᠭᠠᠯᠠᠭᠴᠢ ᠪᠤᠯᠬᠤ ᠬᠡᠷᠡᠭᠳᠠᠢ᠃ | ᠪᠦᠭᠦᠲᠠ ᠬᠤᠷᠠᠯ ᠠᠴᠠ᠂ 2019 ᠤᠨ ᠪᠤᠯ ᠪᠦᠬᠦᠲᠠ ᠨᠠᠶᠢᠷᠠᠮᠲᠠᠬᠤ ᠲᠤᠮᠲᠠᠲᠤ ᠠᠷᠠᠳ ᠤᠯᠤᠰ | ᠪᠠᠶᠢᠭᠤᠯᠤᠭᠲᠠᠭᠰᠠᠠ 70 ᠵᠢᠯ ᠤᠨ ᠤᠢ ᠪᠤᠯᠤᠨᠠ᠂ ᠴᠢᠨᠡᠭᠡᠯᠢᠭ ᠨᠡᠶᠢᠭᠡᠮ ᠢ ᠪᠦᠬᠦ ᠲᠠᠯᠠ ᠪᠠᠷ ᠪᠡᠶᠡᠯᠡᠭᠦᠯᠬᠦ᠂ ᠠᠩᠬᠠᠳᠤᠭᠠᠷ | ᠵᠠᠭᠤᠨ ᠵᠢᠯ ᠤᠨ ᠲᠡᠮᠡᠴᠡᠬᠦ ᠬᠠᠷᠠᠯᠲᠠ ᠶᠢ ᠪᠡᠶᠡᠯᠡᠭᠦᠯᠬᠦ ᠵᠠᠩᠭᠢᠯᠠᠭᠠ ᠶᠢᠨ ᠨᠢᠭᠡ ᠵᠢᠯ ᠮᠦᠨ᠃ ᠰᠠᠬᠢᠯᠭᠠ ᠪᠠᠲᠤ ᠪᠠᠶᠢᠴᠠᠭᠠᠬᠤ | ᠬᠢᠨᠠᠠ ᠪᠠᠶᠢᠴᠠᠭᠠᠬᠤ ᠠᠵᠢᠯ ᠰᠢ ᠶᠢᠨ ᠫᠢᠩ ᠤᠨ ᠰᠢᠨᠠ ᠴᠠᠭ ᠦᠶᠠ ᠶᠢᠨ ᠲᠤᠮᠲᠠᠲᠤ ᠤᠯᠤᠰ ᠤᠨ ᠤᠨᠴᠠᠯᠢᠭ ᠲᠠᠢ ᠨᠡᠶᠢᠭᠡᠮ | ᠵᠢᠷᠤᠮ ᠤᠨ ᠦᠵᠡᠯ ᠰᠠᠨᠠᠭᠠ ᠪᠠᠷ ᠵᠢᠯᠤᠭᠤᠲᠤᠯᠭᠠ ᠪᠤᠯᠭᠠᠠ᠂ ᠨᠠᠮ ᠤᠨ ᠠᠷᠪᠠ ᠶᠢᠰᠦᠲᠦᠭᠡᠷ ᠶᠡᠭᠡ ᠬᠤᠷᠠᠯ ᠪᠤᠯᠤᠨ ᠠᠷᠪᠠ | ᠶᠢᠰᠦᠲᠦᠭᠡᠷ ᠬᠤᠭᠤᠴᠠᠭᠠᠠ ᠤ ᠲᠦᠪ ᠬᠤᠷᠢᠶᠠᠠ ᠤ ᠬᠤᠶᠠᠲᠤᠭᠠᠷ᠂ ᠭᠤᠷᠪᠠᠲᠤᠭᠠᠷ ᠪᠦᠬᠦᠲᠠ ᠬᠤᠷᠠᠯ ᠤᠨ ᠵᠤᠷᠢᠭ ᠰᠠᠨᠠᠭᠠ ᠶᠢ | ᠬᠦᠨᠵᠡᠭᠡᠢ ᠲᠤᠭᠤᠰᠢᠯᠠᠭᠤᠯᠵᠦ᠂ ᠤᠭ ᠰᠠᠨᠠᠭᠠ ᠪᠠᠨ ᠦᠯᠦ ᠮᠠᠷᠲᠠᠠ᠂ ᠡᠬᠦᠷᠭᠡ ᠬᠠᠷᠢᠭᠤᠴᠠᠯᠭᠠ ᠪᠠᠨ ᠪᠠᠲᠤ ᠴᠡᠭᠡᠵᠢᠯᠡᠵᠦ᠂ | ︽ᠲᠦᠷᠪᠡᠡ ᠤᠬᠠᠮᠰᠠᠷ︾ ᠢᠶᠠᠨ ᠴᠢᠩᠭᠠᠳᠬᠠᠠ᠂ ︽ᠲᠦᠷᠪᠡᠡ ᠢᠲᠡᠭᠡᠯ︾ ᠢᠶᠠᠨ ᠪᠠᠲᠤᠳᠬᠠᠵᠦ᠂ ᠶᠡᠷᠦᠩᠭᠡᠢ ᠱᠦᠵᠢ ᠰᠢ ᠶᠢᠨ | ᠫᠢᠩ ᠤᠨ ᠨᠠᠮ ᠤᠨ ᠲᠦᠪ ᠬᠤᠷᠢᠶᠠᠠ ᠤ ᠭᠤᠤᠯᠯᠠᠭᠴᠢ᠂ ᠪᠦᠬᠦ ᠨᠠᠮ ᠤᠨ ᠭᠤᠤᠯᠯᠠᠭᠴᠢ ᠶᠢᠨ ᠪᠠᠶᠢᠷᠢ ᠰᠠᠭᠤᠷᠢ ᠶᠢ ᠡᠷᠡᠰ | ᠬᠠᠮᠠᠭᠠᠯᠠᠵᠤ᠂ ᠨᠠᠮ ᠤᠨ ᠲᠦᠪ ᠬᠤᠷᠢᠶᠠᠠ ᠤ ᠡᠷᠭᠡ ᠰᠦᠷ ᠪᠤᠯᠤᠨ ᠲᠦᠪᠯᠡᠷᠡᠩᠭᠦᠢ ᠨᠢᠭᠡᠲᠦᠯᠲᠠᠢ ᠤᠲᠤᠷᠢᠲᠤᠯᠭᠠ ᠶᠢ ᠡᠷᠡᠰ | ᠬᠠᠮᠠᠭᠠᠯᠠᠵᠦ᠂ ᠲᠤᠭᠲᠠᠭᠤᠨ ᠤ ᠲᠤᠮᠲᠠ ᠤᠷᠤᠭᠰᠢᠯᠠᠠ ᠲᠠᠪᠰᠢᠬᠤ ᠠᠵᠢᠯ ᠤᠨ ᠶᠡᠷᠦᠩᠭᠡᠢ ᠬᠦᠭ ᠠᠶᠠᠰ ᠢ ᠪᠠᠷᠢᠮᠲᠠᠯᠠᠵᠦ᠂ | ᠨᠠᠮ ᠤᠨ ᠲᠦᠷᠢᠮ ᠪᠤᠯᠤᠨ ᠦᠨᠲᠦᠰᠦᠨ ᠬᠠᠤᠯᠢ ᠠᠴᠠ ᠤᠯᠭᠤᠭᠰᠠᠠ ᠲᠤᠰᠢᠶᠠᠯ ᠬᠠᠷᠢᠭᠤᠴᠠᠯᠭᠠ ᠪᠠᠨ ᠰᠢᠳᠤᠷᠭᠤ ᠪᠠᠷ | ᠬᠦᠢᠴᠡᠳᠭᠡᠵᠦ᠂ ᠨᠠᠮ ᠤᠨ ᠤᠯᠤᠰ ᠲᠦᠷᠦ ᠶᠢᠨ ᠪᠠᠶᠢᠭᠤᠯᠤᠯᠲᠠ ᠪᠠᠷ ᠶᠡᠷᠦᠩᠭᠡᠢ ᠵᠢᠯᠤᠭᠤᠳᠤᠮᠵᠢ ᠪᠤᠯᠭᠠᠵᠦ᠂ ᠨᠠᠮ ᠤᠨ | ᠬᠤᠷᠢᠶᠠ ᠳᠤ ᠬᠠᠪᠰᠤᠷᠴᠤ ᠪᠦᠬᠦ ᠲᠠᠯᠠ ᠪᠠᠷ ᠨᠠᠮ ᠢ ᠴᠢᠩᠭᠠ ᠵᠠᠰᠠᠬᠤ ᠶᠢ ᠠᠬᠢᠭᠤᠯᠵᠦ᠂ ᠰᠠᠬᠢᠯᠭᠠ ᠪᠠᠲᠤ ᠶᠢ ᠬᠠᠤᠯᠢ ᠠᠴᠠ | ᠴᠢᠩᠭᠠ ᠪᠠᠶᠢᠯᠭᠠᠬᠤ᠂ ᠰᠠᠬᠢᠯᠭᠠ ᠪᠠᠲᠤ ᠶᠢ ᠬᠠᠤᠯᠢ ᠴᠠᠭᠠᠵᠠ ᠶᠢᠨ ᠡᠮᠦᠨᠠ ᠨᠢ ᠪᠠᠶᠢᠯᠭᠠᠬᠤ ᠶᠢ ᠪᠠᠷᠢᠮᠲᠠᠯᠠᠠ᠂ ᠰᠠᠬᠢᠯᠭᠠ ᠪᠠᠲᠤ | ᠭᠡᠷᠡᠭᠵᠢᠬᠦᠯᠬᠦ ᠪᠠ ᠬᠠᠤᠯᠢ ᠭᠡᠷᠡᠭᠵᠢᠬᠦᠯᠬᠦ ᠶᠢ ᠬᠤᠯᠪᠤᠵᠦ᠂ ᠬᠠᠤᠯᠢ ᠴᠠᠭᠠᠵᠠ ᠲᠠᠢ ᠪᠦᠲᠦᠮᠵᠢᠲᠠᠢ ᠵᠤᠯᠭᠠᠭᠤᠯᠵᠦ᠂ ᠪᠦᠬᠦ | ᠲᠠᠯᠠ ᠪᠠᠷ ᠨᠠᠮ ᠢ ᠴᠢᠩᠭᠠ ᠵᠠᠰᠠᠬᠤ ᠲᠠᠯᠠ ᠪᠠᠷ ᠪᠠᠶᠢᠯᠲᠤᠬᠤ ᠪᠤᠲᠤᠯᠭᠠ ᠶᠢᠨ ᠴᠢᠨᠠᠷ ᠲᠠᠢ ᠨᠡᠩ ᠶᠡᠭᠡ ᠠᠮᠵᠢᠯᠲᠠ ᠪᠦᠲᠦᠮᠵᠢ | ᠤᠯᠵᠦ᠂ ᠢᠯᠵᠢᠷᠠᠯ ᠢ ᠡᠰᠡᠷᠭᠦᠴᠡᠬᠦ ᠲᠡᠮᠡᠴᠡᠯ ᠤᠨ ᠲᠡᠶᠢᠯᠦᠩᠭᠦᠢ ᠢᠯᠠᠯᠲᠠ ᠶᠢ ᠪᠠᠬᠢᠵᠢᠭᠦᠯᠦᠨ ᠬᠦᠭᠵᠢᠭᠦᠯᠵᠦ᠂ ᠢᠯᠵᠢᠷᠡᠬᠤ ᠠᠴᠠ | ᠵᠢᠷᠦᠬᠡᠰᠢᠶᠡᠬᠦ᠂ ᠢᠯᠵᠢᠷᠡᠵᠤ ᠴᠢᠳᠠᠬᠤ ᠦᠭᠡᠢ᠂ ᠢᠯᠵᠢᠷᠡᠬᠤ ᠶᠢ ᠪᠤᠳᠤᠬᠤ ᠦᠭᠡᠢ ᠪᠠᠶᠢᠬᠤ ᠶᠢ ᠨᠢᠭᠡ ᠴᠤᠭᠴᠡ ᠪᠠᠷ | ᠠᠬᠢᠭᠤᠯᠵᠦ᠂ ᠨᠠᠮ ᠪᠠ ᠤᠯᠤᠰ ᠤᠨ ᠬᠢᠨᠠᠯᠲᠠ ᠲᠠᠯᠪᠢᠬᠤ ᠰᠢᠰᠲ᠋ᠧᠮ ᠢ ᠪᠦᠷᠢᠨᠰᠢᠬᠦᠯᠵᠦ᠂ ᠰᠢᠨᠠ ᠴᠠᠭ ᠦᠶᠠ ᠶᠢᠨ ᠰᠠᠬᠢᠯᠭᠠ | ᠪᠠᠲᠤ ᠪᠠᠶᠢᠴᠠᠭᠠᠬᠤ ᠬᠢᠨᠠᠠ ᠪᠠᠶᠢᠴᠠᠭᠠᠬᠤ ᠠᠵᠢᠯ ᠤᠨ ᠴᠢᠨᠠᠷ ᠰᠠᠶᠢᠲᠠᠢ ᠬᠦᠭᠵᠢᠯᠲᠠ ᠶᠢ ᠪᠡᠶᠡᠯᠡᠭᠦᠯᠬᠦ ᠪᠠᠷ ᠴᠢᠷᠮᠠᠶᠢᠠ᠂ ᠨᠠᠮ ᠤᠨ | ᠠᠷᠪᠠ ᠶᠢᠰᠦᠲᠦᠭᠡᠷ ᠶᠡᠭᠡ ᠬᠤᠷᠠᠯ ᠤᠨ ᠵᠤᠷᠢᠭ ᠰᠠᠨᠠᠭᠠ ᠪᠤᠯᠤᠨ ᠨᠠᠮ ᠤᠨ ᠲᠦᠪ ᠬᠤᠷᠢᠶᠠᠠ ᠤ ᠴᠢᠬᠤᠯᠠ ᠶᠡᠭᠡ ᠰᠢᠢᠳᠪᠦᠷᠢᠲᠦ | ᠪᠤᠲᠤᠯᠭᠠ ᠪᠠᠶᠢᠷᠢᠯᠠᠭᠤᠯᠤᠯᠲᠠ ᠶᠢ ᠡᠷᠡᠰ ᠲᠤᠭᠤᠰᠢᠯᠠᠭᠤᠯᠤᠨ ᠨᠠᠶᠢᠲᠠᠪᠤᠷᠢᠵᠢᠭᠤᠯᠬᠤ ᠶᠢ ᠪᠠᠲᠤᠯᠠᠵᠦ᠂ ᠰᠢᠯᠢᠲᠡᠭ ᠭᠢᠷᠢ | ᠪᠦᠲᠦᠮᠵᠢ ᠪᠠᠷ ᠪᠦᠬᠦᠲᠠ ᠨᠠᠶᠢᠷᠠᠮᠲᠠᠬᠤ ᠲᠤᠮᠲᠠᠲᠤ ᠠᠷᠠᠳ ᠤᠯᠤᠰ ᠪᠠᠶᠢᠭᠤᠯᠤᠭᠲᠠᠭᠰᠠᠠ 70 ᠵᠢᠯ ᠤᠨ ᠤᠢ ᠪᠠᠨ ᠪᠡᠯᠭᠡᠯᠡᠬᠦ | ᠭᠡᠷᠡᠭᠲᠡᠢ ᠭᠡᠵᠦ ᠲᠤᠷᠠᠳᠴᠠᠢ᠃ | ᠪᠦᠬᠦᠲᠠ ᠬᠤᠷᠠᠯ ᠠᠴᠠ᠂ ᠡᠯᠠ ᠱᠠᠲᠤᠨ ᠤ ᠰᠠᠬᠢᠯᠭᠠ ᠪᠠᠲᠤ ᠪᠠᠶᠢᠴᠠᠭᠠᠬᠤ ᠬᠢᠨᠠᠠ ᠪᠠᠶᠢᠴᠠᠭᠠᠬᠤ ᠪᠠᠶᠢᠭᠤᠯᠭᠠ | ᠢᠮᠠᠭᠳᠠ ᠰᠢ ᠶᠢᠨ ᠫᠢᠩ ᠤᠨ ᠰᠢᠨᠠ ᠴᠠᠭ ᠦᠶᠠ ᠶᠢᠨ ᠲᠤᠮᠲᠠᠲᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ | ᠰᠠᠨᠠᠭᠠ ᠪᠠᠷ ᠲᠠᠷᠢᠬᠢ ᠲᠤᠯᠤᠭᠠᠢ ᠪᠠᠨ ᠵᠡᠪᠰᠡᠭᠯᠡᠵᠦ᠂ ᠦᠢᠯᠡᠲᠦᠯᠭᠡ ᠪᠠᠨ ᠵᠢᠯᠤᠭᠤᠲᠤᠭᠤᠯᠤᠨ᠂ ᠠᠵᠢᠯ ᠢᠶᠠᠨ ᠠᠬᠢᠭᠤᠯᠵᠤ᠂ | ᠢᠮᠠᠭᠳᠠ ︽ᠬᠤᠶᠠᠷ ᠢ ᠡᠷᠡᠰ ᠬᠠᠮᠠᠭᠠᠯᠠᠬᠤ︾ ᠶᠢ ᠡᠷᠡᠰ ᠦᠢᠯᠡᠳᠦᠯᠭᠡᠵᠢᠬᠦᠯᠵᠤ᠂ ᠢᠮᠠᠭᠲᠠ ᠪᠦᠬᠦ ᠲᠠᠯᠠ ᠪᠠᠷ ᠨᠠᠮ ᠢ ᠴᠢᠩᠭᠠ | ᠵᠠᠰᠠᠬᠤ ᠴᠢᠭᠯᠡᠯᠲᠡ ᠪᠤᠯᠤᠨ ᠱᠠᠭᠠᠷᠲᠠᠯᠭᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ︽ᠲᠤᠭᠲᠠᠭᠤᠨ ᠪᠠᠶᠢᠯᠭᠠᠬᠤ︾ | ᠠᠭᠤᠯᠤᠭᠳᠠᠬᠤᠨ ᠢ ᠡᠵᠡᠮᠲᠡᠵᠦ᠂ ︽ᠤᠷᠤᠭᠰᠢᠯᠠᠨ ᠳᠠᠪᠰᠢᠬᠤ︾ ᠠᠷᠭᠠ ᠬᠡᠮᠵᠢᠶᠠ ᠶᠢ ᠴᠢᠩᠭᠠᠳᠬᠠᠠ᠂ ᠡᠬᠦᠷᠭᠡ ᠴᠢᠲᠠᠪᠬᠢ ᠪᠠᠨ | ᠬᠤᠪᠢᠷᠠᠭᠤᠯᠬᠤ᠂ ᠠᠷᠭᠠ ᠬᠡᠯᠪᠡᠷᠢ ᠪᠠᠨ ᠬᠤᠪᠢᠷᠠᠭᠤᠯᠬᠤ᠂ ᠰᠤᠷᠲᠠᠯ ᠢᠶᠠᠨ ᠬᠤᠪᠢᠷᠠᠭᠤᠯᠬᠤ ᠶᠢ ᠦᠷᠬᠦᠯᠵᠢᠯᠡᠡ | ᠬᠦᠨᠵᠡᠭᠡᠶᠢᠷᠡᠭᠦᠯᠵᠤ᠂ ᠡᠯᠠ ᠵᠦᠢᠯ ᠤᠨ ᠠᠵᠢᠯ ᠤᠨ ᠰᠡᠳᠭᠢᠴᠡ ᠠᠷᠭᠠ ᠬᠡᠮᠵᠢᠶᠠ ᠪᠠᠨ ᠨᠡᠩ ᠰᠢᠨᠵᠢᠯᠡᠬᠦ ᠤᠬᠠᠭᠠᠠᠴᠢ᠂ ᠨᠡᠩ | ᠨᠠᠷᠢᠨ ᠨᠢᠭᠲᠠ᠂ ᠨᠡᠩ ᠪᠦᠲᠦᠮᠵᠢᠲᠠᠢ ᠪᠤᠯᠭᠠᠬᠤ ᠭᠡᠷᠡᠭᠲᠡᠢ ᠭᠡᠵᠦ ᠱᠠᠭᠠᠷᠲᠠᠵᠠᠢ᠃ | ᠨᠢᠭᠡᠲᠦᠭᠡᠷ ᠲᠤ᠂ ᠢᠮᠠᠭᠳᠠ ᠰᠢ ᠶᠢᠨ ᠫᠢᠩ ᠤᠨ ᠰᠢᠨᠠ ᠴᠠᠭ ᠦᠶᠠ ᠶᠢᠨ ᠲᠤᠮᠲᠠᠲᠤ ᠤᠯᠤᠰ ᠤᠨ ᠤᠨᠴᠠᠯᠢᠭ ᠲᠠᠢ | ᠨᠡᠶᠢᠭᠡᠮ ᠵᠢᠷᠤᠮ ᠤᠨ ᠦᠵᠡᠯ ᠰᠠᠨᠠᠭᠠ ᠶᠢ ᠴᠦᠬᠦᠷᠡᠰᠢ ᠦᠭᠡᠢ ᠰᠤᠷᠤᠯᠴᠠᠠ ᠲᠤᠭᠤᠰᠢᠯᠠᠭᠤᠯᠵᠦ᠂ ︽ᠤᠭ ᠰᠠᠨᠠᠭᠠ ᠪᠠᠨ ᠦᠯᠦ | ᠮᠠᠷᠲᠠᠠ᠂ ᠡᠬᠦᠷᠭᠡ ᠬᠠᠷᠢᠭᠤᠴᠠᠯᠭᠠ ᠪᠠᠨ ᠪᠠᠲᠤ ᠴᠡᠭᠡᠵᠢᠯᠡᠬᠦ︾ ᠭᠤᠤᠯ ᠰᠡᠲᠦᠪᠲᠦ ᠬᠦᠮᠦᠵᠢᠯ ᠢ ᠬᠦᠨᠵᠡᠭᠡᠢ ᠦᠷᠨᠢᠭᠦᠯᠬᠦ | ᠬᠡᠷᠡᠭᠲᠡᠢ᠃ ᠦᠢᠯᠡᠲᠦᠯᠭᠡᠵᠢᠭᠦᠯᠬᠦ ᠶᠢᠨ ᠲᠠᠭᠠᠤ ᠰᠤᠷᠤᠯᠴᠠᠬᠤ ᠶᠢ ᠪᠠᠷᠢᠮᠲᠠᠯᠠᠵᠦ᠂ ᠰᠤᠷᠤᠯᠴᠠᠠ ᠤᠢᠢᠯᠠᠭᠠᠵᠦ ᠨᠡᠪᠳᠡᠷᠭᠡᠢ | ᠡᠵᠡᠮᠰᠢᠵᠦ ᠪᠤᠲᠠᠲᠠᠢ ᠠᠵᠢᠯᠯᠠᠬᠤ ᠶᠢ ᠪᠠᠷᠢᠮᠲᠠᠯᠠᠵᠦ᠂ ᠬᠦᠨᠵᠡᠭᠡᠢ ᠰᠤᠷᠤᠯᠴᠠᠠ ᠨᠡᠪᠳᠡᠷᠭᠡᠢ ᠡᠵᠡᠮᠰᠢᠬᠦ᠂ ᠪᠤᠲᠠᠲᠠᠢ ᠶᠢ ᠡᠷᠬᠢᠮᠯᠡᠡ | ᠬᠤᠲᠠᠯ ᠬᠠᠭᠤᠷᠮᠠᠭ ᠢ ᠳᠡᠪᠴᠢᠬᠦ᠂ ᠴᠡᠭᠴᠡᠯᠡᠡ ᠰᠠᠶᠢᠵᠢᠷᠠᠭᠤᠯᠵᠦ ᠲᠡᠭᠡᠭᠰᠢᠯᠡᠭᠦᠯᠬᠦ ᠲᠠᠯᠠ ᠪᠠᠷ ᠲᠠᠰᠤᠷᠠᠯᠳᠠ ᠦᠭᠡᠢ ᠬᠦᠴᠤᠯᠡᠵᠦ᠂ | ᠬᠦᠮᠦᠵᠢᠯ ᠤᠨ ᠦᠷᠠ ᠪᠦᠲᠦᠭᠡᠯ ᠢᠶᠠᠨ ᠡᠷᠡᠰ ᠪᠠᠳᠤ ᠬᠦᠰᠡᠯᠡᠩ ᠢᠳᠡᠭᠡᠯ ᠪᠢᠰᠢᠷᠡᠯ ᠢᠶᠠᠨ ᠪᠠᠳᠤᠳᠬᠠᠬᠤ᠂ ᠨᠠᠮᠴᠢ ᠴᠢᠨᠠᠷ ᠪᠠ | ᠵᠠᠩ ᠰᠤᠷᠳᠠᠯ ᠢᠶᠠᠨ ᠳᠠᠪᠳᠠᠨ ᠪᠤᠯᠪᠠᠰᠤᠷᠠᠭᠤᠯᠬᠤ᠂ ᠡᠭᠦᠷᠭᠡ ᠬᠠᠷᠢᠭᠤᠴᠠᠯᠭᠠ ᠪᠠᠨ ᠰᠢᠳᠤᠷᠭᠤ ᠪᠠᠷ ᠭᠦᠢᠴᠡᠳᠭᠡᠬᠦ ᠦᠵᠡᠯ | ᠰᠠᠨᠠᠭᠠᠨ ᠤ ᠤᠬᠠᠮᠰᠠᠷ ᠪᠠ ᠪᠤᠲᠠᠲᠤ ᠠᠵᠢᠯᠯᠠᠭᠠ ᠪᠤᠯᠭᠠᠠ ᠬᠤᠪᠢᠷᠠᠭᠤᠯᠬᠤ ᠭᠡᠷᠡᠭᠲᠠᠢ᠃ | ᠬᠤᠶᠠᠲᠤᠭᠠᠷ ᠲᠤ᠂ ᠨᠠᠮ ᠤᠨ ᠤᠯᠤᠰ ᠲᠦᠷᠦ ᠶᠢᠨ ᠪᠠᠶᠢᠭᠤᠯᠤᠯᠲᠠ ᠪᠠᠷ ᠶᠡᠷᠦᠩᠭᠡᠢ ᠵᠢᠯᠤᠭᠤᠳᠤᠮᠵᠢ ᠪᠤᠯᠭᠠᠵᠦ᠂ | ᠬᠡᠯᠪᠡᠷᠢᠴᠢ ᠦᠵᠡᠯ᠂ ᠨᠤᠶᠠᠠᠴᠢ ᠰᠤᠷᠲᠠᠯ ᠢ ᠡᠷᠡᠰ ᠠᠷᠢᠯᠭᠠᠬᠤ ᠭᠡᠷᠡᠭᠲᠡᠢ᠃ ︽ᠲᠦᠷᠪᠡᠡ ᠤᠬᠠᠮᠰᠠᠷ︾ ᠢ | ᠦᠢᠯᠡᠲᠦᠯᠭᠡᠵᠢᠭᠦᠯᠵᠤ᠂ ᠨᠠᠮ ᠤᠨ ᠲᠦᠷᠢᠮ ᠪᠠ ᠨᠠᠮ ᠤᠨ ᠲᠤᠲᠤᠭᠠᠲᠤ ᠶᠢᠨ ᠪᠤᠰᠤᠳ ᠬᠠᠤᠯᠢ ᠳᠦᠷᠢᠮ ᠢ ᠲᠤᠭᠤᠰᠢᠯᠠᠭᠤᠯᠵᠦ᠂ | ᠨᠠᠮ ᠤᠨ ᠱᠤᠭᠤᠮ ᠴᠢᠭᠯᠡᠯᠲᠡ ᠲᠦᠷᠦ ᠶᠢᠨ ᠪᠤᠲᠤᠯᠭᠠ ᠪᠤᠯᠤᠨ ᠰᠢᠢᠳᠪᠤᠷᠢ ᠶᠢ ᠭᠡᠷᠡᠭᠵᠢᠭᠦᠯᠦᠭᠰᠡᠨ ᠪᠠᠶᠢᠳᠠᠯ ᠳᠤ ᠬᠢᠨᠠᠯᠲᠠ | ᠲᠠᠯᠪᠢᠬᠤ ᠪᠠᠨ ᠴᠢᠩᠭᠠᠳᠬᠠᠵᠤ᠂ ᠨᠠᠮ ᠤᠨ ᠭᠡᠰᠢᠭᠦᠨ ᠤᠲᠤᠷᠢᠳᠬᠤ ᠺᠠᠳ᠋ᠷ ᠢ ᠱᠠᠯᠠᠪᠳᠠᠭᠤᠯᠤᠨ ᠱᠠᠭᠠᠷᠳᠠᠵᠦ ᠪᠠᠶᠢᠭᠠᠳ | ︽ᠬᠤᠶᠠᠷ ᠢ ᠡᠷᠡᠰ ᠬᠠᠮᠠᠭᠠᠯᠠᠬᠤ︾ ᠶᠢ ᠪᠤᠲᠠᠲᠤ ᠠᠵᠢᠯᠯᠠᠭᠠ ᠲᠡᠭᠡᠷᠠ ᠪᠠᠨ ᠨᠠᠶᠢᠲᠠᠪᠤᠷᠢᠵᠢᠭᠤᠯᠬᠤ ᠭᠡᠷᠡᠭᠲᠡᠢ᠃ ᠤᠯᠤᠰ | ᠲᠦᠷᠦ ᠶᠢᠨ ᠰᠠᠬᠢᠯᠭᠠ ᠪᠠᠲᠤ ᠪᠤᠯᠤᠨ ᠤᠯᠤᠰ ᠲᠦᠷᠦ ᠶᠢᠨ ᠶᠤᠰᠤ ᠲᠦᠷᠢᠮ ᠢ ᠴᠢᠩᠳᠠᠯᠠᠵᠤ᠂ ᠬᠡᠯᠪᠡᠷᠢᠴᠢ ᠦᠵᠡᠯ᠂ ᠨᠤᠶᠠᠠᠴᠢ | ᠰᠤᠷᠲᠠᠯ ᠢ ᠲᠦᠪᠯᠡᠷᠡᠭᠦᠯᠦᠨ ᠴᠡᠭᠴᠡᠯᠡᠡ ᠵᠠᠰᠠᠭᠰᠠᠨ ᠦᠷᠠ ᠪᠦᠲᠦᠭᠡᠯ ᠢᠶᠠᠨ ᠬᠦᠨᠵᠡᠭᠡᠶᠢᠷᠡᠭᠦᠯᠵᠦ᠂ ᠭᠡᠢ ᠬᠤᠭᠤᠰᠤᠨ ᠢᠶᠠᠷ | ᠤᠪᠤᠷ ᠢᠶᠠᠨ ᠢᠯᠡᠳᠭᠡᠬᠦ᠂ ᠶᠤᠰᠤ ᠶᠢᠨ ᠲᠡᠳᠦᠢ ᠠᠵᠢᠯ ᠬᠢᠬᠦ᠂ ᠠᠯᠪᠠ ᠬᠠᠰᠢᠵᠤ ᠡᠭᠦᠷᠭᠡ ᠪᠠᠨ ᠭᠦᠢᠴᠡᠳᠭᠡᠬᠦ᠂ ᠠᠵᠢᠯ ᠳᠤ | ᠭᠠᠷᠤᠭᠰᠠᠠ ᠴᠤ ᠬᠦᠴᠤᠯᠡᠨ ᠴᠢᠷᠮᠠᠶᠢᠬᠤ ᠦᠭᠡᠢ ᠪᠠᠶᠢᠬᠤ ᠵᠡᠷᠭᠡ ᠠᠰᠠᠭᠤᠲᠠᠯ ᠢ ᠴᠢᠩᠭᠠ ᠪᠠᠶᠢᠴᠠᠭᠠᠠ ᠰᠢᠢᠳᠪᠦᠷᠢᠯᠡᠬᠦ | ᠬᠡᠷᠡᠭᠲᠡᠢ᠃ ︽ᠲᠤᠮᠲᠠᠲᠤ ᠤᠯᠤᠰ ᠤᠨ ᠡᠪ ᠬᠠᠮᠲᠤ ᠨᠠᠮ ᠤᠨ ᠬᠠᠷᠢᠭᠤᠴᠠᠯᠭᠠ ᠨᠡᠭᠡᠮᠵᠢᠯᠡᠬᠦ ᠲᠦᠷᠢᠮ︾ ᠳᠤ ᠵᠠᠰᠠᠪᠤᠷᠢ | ᠤᠷᠤᠭᠤᠯᠤᠨᠠ᠃ | ᠭᠤᠷᠪᠠᠲᠤᠭᠠᠷ ᠲᠤ᠂ ᠰᠠᠬᠢᠯᠭᠠ ᠪᠠᠲᠤ ᠪᠠᠶᠢᠴᠠᠭᠠᠬᠤ ᠬᠢᠨᠠᠠ ᠪᠠᠶᠢᠴᠠᠭᠠᠬᠤ ᠪᠠᠶᠢᠭᠤᠯᠤᠮᠵᠢ ᠲᠤᠭᠲᠠᠴᠠ ᠶᠢ | ᠰᠢᠨᠡᠴᠢᠯᠡᠵᠦ᠂ ᠲᠦᠷᠢᠮ ᠤᠨ ᠲᠠᠪᠠᠭᠤᠯᠢᠭ ᠢᠶᠠᠨ ᠦᠨᠡᠡ ᠬᠦ ᠵᠠᠰᠠᠯᠲᠠ ᠶᠢᠨ ᠦᠷᠠ ᠪᠦᠳᠦᠮᠵᠢ ᠪᠤᠯᠭᠠᠠ ᠬᠤᠪᠢᠷᠠᠭᠤᠯᠬᠤ | ᠬᠡᠷᠡᠭᠲᠡᠢ᠃ ᠳᠡᠭᠡᠳᠦ ᠱᠠᠲᠤᠨ ᠤ ᠰᠠᠬᠢᠯᠭᠠ ᠪᠠᠲᠤ ᠪᠠᠶᠢᠴᠠᠭᠠᠬᠤ ᠬᠤᠷᠢᠶᠠᠠ ᠤ ᠲᠤᠤᠷᠠᠲᠦ ᠱᠠᠲᠤᠨ ᠤ ᠰᠠᠬᠢᠯᠭᠠ ᠪᠠᠲᠤ | ᠬᠤᠷᠢᠶᠠᠠ ᠳᠠᠬᠢ ᠤᠲᠤᠷᠢᠲᠤᠯᠭᠠ ᠶᠢ ᠴᠢᠩᠭᠠᠳᠬᠠᠠ᠂ ᠢᠯᠵᠢᠷᠠᠯ ᠤᠨ ᠭᠡᠷᠡᠭ ᠢ ᠪᠠᠶᠢᠴᠠᠭᠠᠠ ᠰᠢᠢᠳᠪᠦᠷᠢᠯᠡᠬᠦ ᠳᠡᠭᠡᠨ ᠲᠡᠭᠡᠲᠦ | ᠱᠠᠲᠤᠨ ᠤ ᠰᠠᠬᠢᠯᠭᠠ ᠪᠠᠲᠤ ᠪᠠᠶᠢᠴᠠᠭᠠᠬᠤ ᠬᠤᠷᠢᠶᠠᠠ ᠤ ᠤᠲᠤᠷᠢᠲᠤᠯᠭᠠ ᠪᠠᠷ ᠭᠤᠤᠯ ᠪᠤᠯᠭᠠᠬᠤ ᠠᠵᠢᠯ ᠤᠨ ᠲᠤᠭᠲᠠᠴᠠ ᠶᠢ | ᠪᠠᠶᠢᠭᠤᠯᠤᠨ ᠲᠡᠭᠦᠯᠲᠡᠷᠵᠢᠭᠦᠯᠬᠦ ᠬᠡᠷᠡᠭᠲᠡᠢ᠃ ᠨᠠᠮ ᠤᠨ ᠬᠤᠷᠢᠶᠠᠠ ᠤ ᠪᠦᠬᠦ ᠲᠠᠯᠠ ᠪᠠᠷ ᠨᠠᠮ ᠢ ᠴᠢᠩᠭᠠ ᠵᠠᠰᠠᠬᠤ ᠠᠵᠢᠯ ᠳᠤ | ᠬᠠᠮᠵᠢᠬᠤ ᠬᠠᠷᠢᠭᠤᠴᠠᠯᠭᠠ ᠪᠠᠨ ᠬᠦᠢᠴᠡᠳᠭᠡᠵᠦ᠂ ᠭᠤᠤᠯ ᠴᠤᠭᠴᠠ ᠶᠢᠨ ᠬᠠᠷᠢᠭᠤᠴᠠᠯᠭᠠ ᠪᠤᠯᠨ ᠬᠢᠨᠠᠯᠲᠠ ᠲᠠᠯᠪᠢᠬᠤ | ᠬᠠᠷᠢᠭᠤᠴᠠᠯᠭᠠ ᠶᠢ ᠬᠤᠯᠪᠤᠨ ᠬᠠᠮᠳᠤᠷᠠᠭᠤᠯᠵᠤ᠂ ᠨᠡᠶᠢᠯᠡᠯ ᠬᠦᠴᠦᠨ ᠢ ᠪᠦᠷᠢᠯᠲᠦᠭᠦᠯᠬᠦ ᠶᠢ ᠠᠬᠢᠭᠤᠯᠬᠤ ᠬᠡᠷᠡᠭᠲᠡᠢ᠃ ᠲᠦᠷᠦᠯ | ᠬᠤᠪᠢᠶᠠᠠ ᠠᠷᠭᠠ ᠪᠤᠳᠤᠯᠭᠠ ᠭᠡᠷᠡᠭᠵᠢᠭᠦᠯᠵᠦ ᠪᠠᠶᠢᠭᠠᠳ ᠲᠤᠮᠢᠯᠠᠠ ᠰᠠᠭᠤᠯᠭᠠᠬᠤ ᠪᠠᠶᠢᠭᠤᠯᠤᠮᠵᠢ ᠲᠤᠭᠲᠠᠴᠠ ᠶᠢᠨ ᠰᠢᠨᠠ ᠶᠢ | ᠡᠭᠦᠳᠬᠦ ᠶᠢ ᠠᠬᠢᠭᠤᠯᠵᠦ᠂ ᠲᠤᠮᠢᠯᠠᠠ ᠰᠠᠭᠤᠯᠭᠠᠵᠦ ᠬᠢᠨᠠᠯᠲᠠ ᠲᠠᠯᠪᠢᠬᠤ᠋ ᠶᠢ ᠪᠦᠷᠬᠦᠭᠦᠯᠬᠦ ᠶᠢᠨ ᠶᠠᠰᠤ ᠴᠢᠨᠠᠷ ᠢ ᠲᠡᠭᠡᠭᠰᠢᠯᠡᠭᠦᠯᠬᠦ | ᠭᠡᠷᠡᠭᠲᠡᠢ᠃ ᠤᠯᠤᠰ ᠤᠨ ᠬᠢᠨᠠᠠ ᠪᠠᠶᠢᠴᠠᠭᠠᠬᠤ ᠪᠠᠶᠢᠭᠤᠯᠤᠮᠵᠢ ᠶᠢᠨ ᠦᠭᠡᠷᠡᠴᠢᠯᠡᠯᠲᠡ ᠶᠢ ᠦᠷᠭᠦᠯᠵᠢᠯᠠᠠ ᠬᠦᠨᠵᠡᠭᠡᠶᠢᠷᠡᠭᠦᠯᠵᠦ᠂ | ᠨᠡᠶᠢᠲᠡ ᠶᠢᠨ ᠡᠷᠭᠡ ᠪᠤᠯᠤᠨ ᠠᠯᠪᠠᠠ ᠲᠤᠰᠢᠶᠠᠯ ᠲᠠᠢ ᠬᠦᠮᠦᠨ ᠪᠤᠯᠭᠠᠨ ᠳᠤ ᠬᠢᠨᠠᠯᠲᠠ ᠲᠠᠯᠪᠢᠬᠤ ᠶᠢ ᠪᠦᠷᠭᠦᠭᠦᠯᠬᠦ᠂ ᠪᠦᠲᠦᠮᠵᠢᠲᠠᠢ | ᠪᠠᠶᠢᠯᠭᠠᠬᠤ ᠶᠢ ᠴᠢᠩᠭᠠᠳᠬᠠᠬᠤ ᠪᠠᠷ ᠬᠦᠴᠦᠯᠡᠬᠦ ᠴᠡᠭ ᠪᠤᠯᠭᠠᠵᠤ᠂ ᠬᠠᠤᠯᠢ ᠳᠤ ᠲᠤᠭᠲᠠᠭᠠᠭᠰᠠᠠ ᠬᠢᠨᠠᠠ ᠪᠠᠶᠢᠴᠠᠭᠠᠬᠤ ᠡᠳᠡᠭᠡᠳ ᠢ | ᠪᠦᠬᠦᠠ ᠢ ᠬᠢᠨᠠᠯᠲᠠ ᠲᠠᠯᠪᠢᠬᠤ ᠬᠦᠷᠢᠶᠠ ᠬᠡᠪᠴᠢᠶᠠᠠ ᠳᠤ ᠤᠷᠤᠭᠤᠯᠵᠦ᠂ ᠬᠢᠨᠠᠯᠲᠠ ᠲᠠᠯᠪᠢᠬᠤ ᠰᠢᠰᠲᠧᠮ ᠢ ᠪᠦᠷᠢᠨᠰᠢᠬᠦᠯᠦᠨ | ᠲᠡᠭᠦᠯᠲᠡᠷᠵᠢᠭᠦᠯᠬᠦ ᠬᠡᠷᠡᠭᠲᠡᠢ᠃ | ᠲᠦᠷᠪᠡᠳᠦᠭᠡᠷ ᠲᠤ᠂ ᠬᠢᠨᠡᠯᠳᠠ ᠲᠠᠯᠪᠢᠬᠤ ᠡᠭᠦᠷᠭᠡ ᠬᠠᠷᠢᠭᠤᠴᠠᠯᠭᠠ ᠶᠢ ᠪᠤᠳᠠᠳᠠᠶᠢᠵᠢᠭᠤᠯᠤᠨ ᠨᠠᠷᠢᠯᠢᠬᠵᠢᠭᠤᠯᠵᠦ᠂ | ᠡᠳᠦᠷ ᠳᠤᠳᠤᠮ ᠤᠨ ᠬᠢᠨᠡᠯᠳᠠ ᠲᠠᠯᠪᠢᠬᠤ᠂ ᠤᠷᠳᠤ ᠬᠤᠭᠤᠴᠠᠭᠠ ᠪᠠᠷ ᠬᠢᠨᠡᠯᠳᠠ ᠲᠠᠯᠪᠢᠬᠤ ᠳᠡᠭᠡᠷᠠ ᠰᠢᠨᠠ ᠶᠢ ᠡᠬᠦᠳᠬᠦ ᠶᠢ | ᠰᠦᠪᠡᠭᠴᠢᠯᠡᠵᠦ᠂ ᠰᠢᠪᠳᠤᠯᠤᠯᠳᠠ ᠭᠠᠷᠭᠠᠬᠤ ᠪᠠᠷ ᠴᠢᠷᠮᠠᠶᠢᠬᠤ ᠭᠡᠷᠡᠭᠲᠡᠢ᠃ ᠡᠳᠦᠷ ᠳᠤᠳᠤᠮ ᠤᠨ ᠬᠢᠨᠠᠯᠳᠠ ᠲᠠᠯᠪᠢᠬᠤ ᠶᠢ ᠦᠨᠡᠨ | ᠪᠤᠳᠠᠳᠠᠢ ᠬᠢᠵᠦ᠂ ᠲᠦᠢᠯᠪᠤᠷᠢᠳᠠᠢ ᠬᠢᠵᠦ᠂ ᠬᠢᠨᠡᠯᠳᠠ ᠲᠠᠯᠪᠢᠬᠤ ᠪᠤᠯᠤᠨ ᠬᠢᠨᠡᠯᠳᠠ ᠶᠢ ᠬᠦᠯᠢᠶᠡᠬᠦ ᠦᠳᠭᠡᠨ ᠵᠤᠵᠠᠭᠠᠨ ᠠᠭᠤᠷ | ᠠᠮᠢᠰᠬᠤᠯ ᠪᠠ ᠰᠠᠶᠢᠨ ᠰᠠᠶᠢᠬᠠᠨ ᠳᠠᠳᠬᠠᠯ ᠢ ᠪᠦᠷᠢᠯᠳᠦᠬᠦᠯᠬᠦ ᠭᠡᠷᠡᠭᠲᠡᠢ᠃ ᠠᠰᠠᠭᠤᠳᠠᠯ ᠢᠶᠠᠷ ᠤᠳᠤᠷᠢᠳᠤᠮᠵᠢ ᠪᠤᠯᠭᠠᠨ ᠨᠠᠮ ᠤᠨ | ᠰᠤᠷᠳᠠᠯ ᠤᠨ ᠠᠰᠠᠭᠤᠳᠠᠯ ᠢ ᠰᠢᠢᠳᠪᠤᠷᠢᠯᠡᠬᠦ ᠶᠢ ᠪᠠᠷᠢᠮᠳᠠᠯᠠᠵᠦ᠂ ᠲᠦᠪ ᠤᠨ ᠨᠠᠢᠮᠠᠨ ᠳᠤᠭᠳᠠᠭᠠᠯ ᠵᠢᠴᠢ ᠲᠡᠬᠦᠨ ᠤ ᠭᠡᠷᠡᠭᠵᠢᠬᠦᠯᠬᠦ | ᠨᠠᠷᠢᠨ ᠲᠦᠷᠢᠮ ᠤᠨ ᠵᠤᠷᠢᠭ ᠰᠠᠨᠠᠭᠠ ᠶᠢ ᠨᠠᠶᠢᠳᠠᠪᠤᠷᠢᠵᠢᠭᠤᠯᠬᠤ ᠶᠢ ᠦᠷᠬᠦᠯᠵᠢᠯᠡᠨ ᠱᠠᠯᠠᠪᠳᠠᠭᠤᠯᠤᠨ ᠪᠠᠶᠢᠴᠠᠭᠠᠵᠦ᠂ ᠭᠤᠬᠴᠤᠭᠠ | ᠪᠤᠯᠭᠠᠨ ᠢ ᠨᠢᠭᠳᠠ ᠠᠩᠬᠠᠷᠴᠦ᠂ ᠴᠦᠬᠦᠷᠡᠰᠢ ᠦᠭᠡᠢ ᠪᠠᠷᠢᠮᠳᠠᠯᠠᠵᠦ᠂ ᠰᠤᠷᠳᠠᠯ ᠢ ᠳᠠᠳᠬᠠᠯ ᠪᠤᠯᠭᠠᠨ ᠬᠤᠪᠢᠷᠠᠭᠤᠯᠬᠤ | ᠭᠡᠷᠡᠭᠲᠡᠢ᠃ ᠨᠠᠮ ᠤᠨ ᠰᠠᠬᠢᠯᠭᠠ ᠪᠠᠳᠤ ᠶᠢᠨ ᠰᠢᠢᠳᠭᠡᠯ ᠦᠭᠬᠦ ᠲᠦᠷᠢᠮ ᠢ ᠨᠠᠷᠢᠨ ᠬᠢᠨᠠᠮᠠᠭᠠᠢ ᠭᠡᠷᠡᠭᠵᠢᠬᠦᠯᠵᠦ᠂ ᠬᠠᠤᠯᠢ ᠶᠤᠰᠤᠭᠠᠷ | ᠬᠢᠨᠡᠨ ᠪᠠᠶᠢᠴᠠᠭᠠᠬᠤ ᠡᠷᠭᠡ ᠪᠠᠨ ᠴᠢᠩᠭᠠ ᠭᠡᠷᠡᠭᠵᠢᠬᠦᠯᠵᠦ᠂ ᠬᠢᠨᠡᠯᠳᠠ ᠲᠠᠯᠪᠢᠬᠤ ᠪᠠ ᠰᠠᠬᠢᠯᠭᠠ ᠪᠠᠳᠤ ᠭᠡᠷᠡᠭᠵᠢᠬᠦᠯᠬᠦ ︽ᠲᠦᠷᠪᠡᠨ | ᠬᠡᠯᠪᠡᠷᠢ ᠪᠠᠶᠢᠳᠠᠯ︾ ᠢ ᠠᠭᠤᠰᠤᠯᠴᠠᠭᠤᠯᠤᠨ ᠠᠰᠢᠬᠯᠠᠵᠦ᠂ ᠬᠢᠨᠡᠨ ᠪᠠᠶᠢᠴᠠᠭᠠᠬᠤ ᠶᠢ ᠪᠠᠶᠢᠩᠭᠤᠵᠢᠭᠤᠯᠵᠤ᠂ ᠬᠡᠪ ᠤᠨ ᠪᠠᠶᠢᠳᠠᠯ | ᠪᠤᠯᠭᠠᠬᠤ ᠭᠡᠷᠡᠭᠲᠡᠢ᠃ | ᠲᠠᠪᠤᠳᠤᠭᠠᠷ ᠲᠤ᠂ ᠤᠯᠤᠰ ᠲᠦᠷᠤ ᠶᠢᠨ ᠲᠤᠭᠤᠷᠢᠨ ᠪᠠᠶᠢᠴᠠᠭᠠᠯᠳᠠ ᠶᠢ ᠦᠷᠬᠦᠯᠵᠢᠯᠠᠨ ᠭᠦᠨᠵᠡᠭᠡᠶᠢᠷᠡᠭᠦᠯᠵᠦ᠂ | ᠲᠤᠭᠤᠷᠢᠨ ᠪᠠᠶᠢᠴᠠᠭᠠᠬᠤ ᠴᠠᠭᠳᠠᠨ ᠪᠠᠶᠢᠴᠠᠭᠠᠬᠤ ᠪᠠᠶᠢᠯᠳᠤᠬᠤ ᠪᠤᠳᠤᠯᠭᠠ ᠶᠢᠨ ᠪᠠᠶᠢᠷᠢᠰᠢᠯ ᠢ ᠲᠡᠬᠦᠯᠳᠡᠷᠵᠢᠬᠦᠯᠬᠦ ᠭᠡᠷᠡᠭᠳᠠᠢ᠃ | ᠬᠡᠪ ᠤᠨ ᠲᠤᠭᠤᠷᠢᠨ ᠪᠠᠶᠢᠴᠠᠭᠠᠯᠳᠠ᠂ ᠲᠤᠰᠬᠠᠢ ᠲᠦᠷᠦᠯ ᠤᠨ ᠲᠤᠭᠤᠷᠢᠨ ᠪᠠᠶᠢᠴᠠᠭᠠᠯᠳᠠ᠂ ᠬᠦᠳᠡᠯᠦᠩᠬᠦᠢ ᠲᠤᠭᠤᠷᠢᠨ | ᠪᠠᠶᠢᠴᠠᠭᠠᠯᠳᠠ ᠶᠢ ᠨᠢᠬᠡᠳᠤᠯᠳᠠᠢ ᠲᠦᠯᠤᠪᠵᠢᠬᠦᠯᠤᠨ ᠲᠤᠬᠢᠷᠠᠭᠤᠯᠵᠤ᠂ ᠲᠤᠭᠤᠷᠢᠨ ᠪᠠᠶᠢᠴᠠᠭᠠᠬᠤ ᠴᠠᠬᠳᠠᠨ ᠪᠠᠶᠢᠴᠠᠭᠠᠬᠤ ᠶᠢ | ᠤᠯᠤᠰ ᠲᠦᠷᠤ ᠶᠢᠨ ᠠᠮᠢ ᠠᠬᠤᠢ ᠶᠢ ᠴᠡᠪᠡᠷᠰᠢᠬᠦᠯᠬᠦ ᠲᠠᠢ ᠤᠶᠠᠯᠳᠤᠭᠤᠯᠵᠤ᠂ ᠤᠯᠠᠨ ᠲᠦᠮᠡᠨ ᠤ ᠲᠤᠰᠬᠠᠯ ᠴᠢᠩᠭᠠ ᠪᠠᠶᠢᠭᠠ | ᠠᠰᠠᠭᠤᠳᠠᠯ ᠢ ᠴᠡᠭᠴᠡᠯᠡᠨ ᠵᠠᠰᠠᠬᠤ ᠲᠠᠢ ᠤᠶᠠᠯᠳᠤᠭᠤᠯᠵᠤ᠂ ᠡᠳᠤᠷ ᠳᠤᠳᠤᠮ ᠤᠨ ᠬᠢᠨᠠᠯᠳᠠ ᠲᠠᠯᠪᠢᠬᠤ ᠳᠤᠮᠳᠠ ᠢᠯᠡᠷᠡᠬᠦᠯᠦᠭᠰᠡᠨ | ᠲᠤᠪᠤᠶᠢᠮᠠ ᠠᠰᠠᠭᠤᠳᠠᠯ ᠢ ᠰᠢᠢᠳᠪᠤᠷᠢᠯᠡᠬᠦ ᠲᠠᠢ ᠤᠶᠠᠯᠳᠤᠭᠤᠯᠵᠤ᠂ ᠬᠢᠨᠠᠯᠳᠠ ᠲᠠᠯᠪᠢᠬᠤ ᠪᠤᠳᠠᠳᠠᠢ ᠦᠷᠠ ᠪᠦᠳᠦᠮᠵᠢ ᠶᠢ | ᠴᠢᠩᠭᠠᠳᠬᠠᠬᠤ ᠭᠡᠷᠡᠭᠳᠠᠢ᠃ ᠴᠡᠭᠴᠡᠯᠡᠨ ᠰᠠᠶᠢᠵᠢᠷᠠᠭᠤᠯᠬᠤ ᠭᠤᠤᠯ ᠴᠤᠬᠴᠠ ᠶᠢᠨ ᠬᠠᠷᠢᠭᠤᠴᠠᠯᠭᠠ ᠶᠢ ᠦᠷᠬᠦᠯᠵᠢᠯᠠᠨ | ᠪᠠᠳᠤᠳᠬᠠᠵᠤ᠂ ᠰᠠᠬᠢᠯᠭᠠ ᠪᠠᠳᠤ ᠪᠠᠶᠢᠴᠠᠭᠠᠬᠤ ᠬᠢᠨᠠᠨ ᠪᠠᠶᠢᠴᠠᠭᠠᠬᠤ ᠪᠠᠶᠢᠭᠤᠯᠭᠠ᠂ ᠵᠤᠬᠢᠶᠠᠨ ᠪᠠᠶᠢᠭᠤᠯᠬᠤ ᠰᠠᠯᠠᠭᠠ ᠮᠦᠴᠢᠷ ᠤᠨ | ᠡᠳᠤᠷ ᠲᠤᠳᠤᠮ ᠤᠨ ᠬᠢᠨᠠᠯᠳᠠ ᠲᠠᠯᠪᠢᠬᠤ ᠪᠠᠨ ᠴᠢᠩᠭᠠᠳᠬᠠᠨ ᠰᠠᠶᠢᠵᠢᠷᠠᠭᠤᠯᠬᠤ ᠠᠵᠢᠯ ᠤᠨ ᠲᠤᠬᠳᠠᠴᠠ ᠶᠢ ᠲᠡᠬᠦᠯᠳᠡᠷᠵᠢᠬᠦᠯᠬᠦ | ᠭᠡᠷᠡᠭᠳᠠᠢ᠃ ᠮᠤᠵᠢ ᠤᠷᠤᠨ ᠬᠤᠳᠠ ᠶᠢᠨ ᠲᠤᠭᠤᠷᠢᠨ ᠪᠠᠶᠢᠴᠠᠭᠠᠬᠤ ᠴᠠᠬᠳᠠᠨ ᠪᠠᠶᠢᠴᠠᠭᠠᠬᠤ ᠠᠵᠢᠯ ᠢ ᠤᠳᠤᠷᠢᠳᠴᠤ | ᠵᠢᠯᠤᠭᠤᠳᠬᠤ ᠪᠤᠯᠤᠨ ᠱᠠᠯᠠᠪᠳᠠᠭᠤᠯᠤᠨ ᠪᠠᠶᠢᠴᠠᠭᠠᠬᠤ ᠪᠠᠨ ᠴᠢᠩᠭᠠᠳᠬᠠᠵᠤ᠂ ᠪᠦᠬᠦ ᠲᠠᠯᠠ ᠪᠠᠷ ᠨᠠᠮ ᠢ ᠴᠢᠩᠭᠠ ᠵᠠᠰᠠᠬᠤ | ᠠᠵᠢᠯ ᠤᠨ ᠦᠨᠳᠤᠰᠤᠨ ᠱᠠᠳᠤᠨ ᠳᠤ ᠪᠤᠳᠠᠳᠠᠢ ᠦᠷᠠ ᠪᠦᠳᠤᠮᠵᠢ ᠤᠯᠬᠤ ᠶᠢ ᠠᠬᠢᠭᠤᠯᠬᠤ ᠭᠡᠷᠡᠭᠳᠠᠢ᠃ | ᠵᠢᠷᠭᠤᠳᠤᠭᠠᠷ ᠲᠤ᠂ ᠨᠦᠬᠡᠴᠠ ᠶᠢ ᠪᠠᠭᠠᠰᠬᠠᠬᠤ ᠡᠷᠴᠢᠮ ᠢᠶᠠᠨ ᠴᠢᠩᠭᠠᠷᠠᠭᠤᠯᠵᠤ᠂ ᠨᠡᠮᠡᠭᠳᠡᠯ ᠢ ᠪᠦᠳᠤᠮᠵᠢᠳᠠᠢ | ᠬᠤᠷᠢᠬᠯᠠᠵᠤ᠂ ᠢᠯᠵᠢᠷᠠᠯ ᠢ ᠡᠰᠡᠷᠬᠦᠴᠡᠬᠦ ᠲᠡᠮᠡᠴᠡᠯ ᠤᠨ ᠲᠠᠶᠢᠯᠦᠩᠬᠦᠢ ᠢᠯᠠᠯᠳᠠ ᠶᠢ ᠪᠠᠬᠢᠵᠢᠬᠦᠯᠦᠨ ᠬᠦᠭᠵᠢᠬᠦᠯᠬᠦ ᠭᠡᠷᠡᠭᠳᠠᠢ᠃ | ᠴᠢᠬᠤᠯᠠ ᠶᠡᠭᠡ ᠢᠨᠵᠧᠨᠧᠷᠢᠩ᠂ ᠭᠤᠤᠯᠳᠠᠯᠭᠠ ᠲᠠᠢ ᠬᠦᠷᠢᠶᠠ᠂ ᠵᠠᠩᠬᠢᠯᠠᠭᠠ ᠶᠢᠨ ᠠᠵᠢᠯ ᠤᠨ ᠪᠠᠶᠢᠷᠢ ᠶᠢ ᠨᠢᠭᠳᠠ ᠠᠩᠬᠠᠷᠴᠦ᠂ | ᠡᠷᠬᠡ ᠲᠦᠪᠯᠡᠷᠡᠩᠬᠦᠢ᠂ ᠪᠡᠯᠡ ᠮᠦᠩᠬᠦ ᠨᠢᠬᠳᠠᠷᠠᠬᠰᠠᠨ᠂ ᠡᠬᠢ ᠪᠠᠶᠠᠯᠢᠬ ᠤᠯᠠᠨ ᠰᠠᠯᠠᠭᠠ ᠮᠦᠴᠢᠷ ᠪᠤᠯᠤᠨ ᠠᠵᠢᠯ ᠲᠦᠷᠤᠯ ᠳᠤ | ᠬᠢᠨᠠᠯᠳᠠ ᠲᠠᠯᠪᠢᠬᠤ ᠪᠠᠨ ᠴᠢᠩᠭᠠᠳᠬᠠᠵᠤ᠂ ᠮᠦᠩᠬᠦᠨ ᠬᠦᠢᠯᠭᠡᠭᠡᠨ ᠤ ᠬᠦᠷᠢᠶᠡᠨ ᠤ ᠢᠯᠵᠢᠷᠡᠯ ᠢ ᠡᠰᠡᠷᠬᠦᠴᠡᠬᠦ ᠡᠷᠴᠢᠮ ᠢᠶᠠᠨ | ᠴᠢᠩᠭᠠᠷᠠᠭᠤᠯᠵᠤ᠂ ᠱᠠᠮᠰᠢᠵᠤ ᠬᠡᠬᠡᠯᠢ ᠢᠳᠡᠵᠤ ᠬᠠᠭ᠋ᠤᠤᠯᠢ ᠲᠦᠯᠬᠢᠭᠰᠡᠨ᠂ ᠡᠷᠬᠡ ᠪᠠᠨ ᠲᠤᠷᠠ ᠪᠠᠷ ᠢᠶᠠᠨ ᠬᠡᠷᠡᠭᠯᠡᠭᠰᠡᠨ᠂ | ᠲᠤᠰᠢᠶᠠᠯ ᠳᠠᠭᠠᠨ ᠤᠰᠤᠯᠳᠠᠬᠰᠠᠨ᠂ ᠬᠤᠪᠢ ᠪᠠᠨ ᠪᠤᠳᠤᠵᠤ ᠬᠠᠤᠯᠢ ᠶᠢ ᠵᠦᠷᠢᠴᠡᠭᠰᠡᠨ ᠵᠡᠷᠬᠡ ᠡᠷᠬᠡ ᠲᠤᠰᠢᠶᠠᠯ ᠢᠶᠠᠨ ᠠᠰᠢᠡᠡᠯᠠᠨ | ᠬᠠᠤᠯᠢ ᠵᠦᠷᠢᠴᠡᠭᠰᠡᠨ ᠪᠠ ᠶᠠᠯᠠᠳᠤ ᠠᠵᠢᠯᠯᠠᠭᠠ ᠬᠢᠭᠰᠡᠳ ᠢ ᠬᠠᠤᠯᠢ ᠶᠤᠰᠤᠭᠠᠷ ᠪᠠᠶᠢᠴᠠᠭᠠᠨ ᠰᠢᠢᠳᠬᠡᠵᠤ᠂ ᠠᠰᠢᠬ ᠲᠤᠰᠠ ᠶᠢᠨ | ᠪᠦᠯᠦᠭᠯᠡᠯ ᠤᠨ ᠬᠢᠨ ᠤᠳᠤᠷᠢᠳᠬᠤ ᠺᠠᠳ᠋ᠷ ᠢ ᠤᠷᠤᠭᠤ ᠲᠠᠳᠠᠵᠤ ᠢᠯᠵᠢᠷᠠᠭᠤᠯᠬᠤ ᠶᠢ ᠡᠷᠡᠰ ᠰᠡᠷᠭᠡᠶᠢᠯᠠᠵᠤ᠂ ᠲᠤᠳᠤᠨᠤ ᠴᠢᠭᠡᠴᠢ | ᠰᠢᠨᠠ ᠮᠠᠶ᠋ᠢᠬ ᠤᠨ ᠵᠠᠰᠠᠬ ᠤᠨ ᠤᠷᠳᠤᠨ ᠪᠤᠯᠤᠨ ᠬᠤᠳᠠᠯᠳᠤᠭᠠᠴᠢᠳ ᠤᠨ ᠬᠠᠷᠢᠴᠠᠭᠠ ᠶᠢ ᠪᠠᠶᠢᠭᠤᠯᠬᠤ ᠶᠢ ᠠᠬᠢᠭᠤᠯᠬᠤ | ᠭᠡᠷᠡᠭᠳᠠᠢ᠃ ᠢᠯᠵᠢᠷᠠᠯ ᠢ ᠡᠰᠡᠷᠭᠦᠴᠡᠬᠦ ᠤᠯᠠᠨ ᠤᠯᠤᠰ ᠤᠨ ᠵᠠᠰᠠᠯᠳᠠ ᠳᠤ ᠬᠦᠨᠵᠡᠬᠡᠢ ᠤᠷᠤᠯᠴᠠᠵᠤ᠂ ᠤᠷᠭᠤᠳᠠᠯ ᠶᠠᠯᠠᠳᠠᠨ ᠢ | ᠨᠡᠬᠡᠮᠵᠢᠯᠡᠨ ᠪᠠᠷᠢᠪᠴᠢᠯᠠᠬᠤ ᠪᠠ ᠤᠷᠭᠤᠨ ᠳᠤᠳᠠᠭᠠᠬᠤ ᠶᠢ ᠰᠡᠷᠬᠡᠶᠢᠯᠡᠬᠦ ᠪᠤᠵᠠᠷ ᠡᠳ᠋ ᠢ ᠨᠡᠬᠡᠮᠵᠢᠯᠡᠬᠦ ᠵᠡᠷᠭᠡ ᠠᠵᠢᠯ ᠢ ᠨᠢᠭᠡ | ᠴᠤᠬᠴᠠᠵᠢᠭᠤᠯᠤᠨ ᠠᠬᠢᠭᠤᠯᠬᠤ ᠭᠡᠷᠡᠭᠳᠠᠢ᠃ ᠲᠦᠪ ᠤᠨ ᠪᠠ ᠡᠯᠠ ᠱᠠᠳᠤᠨ ᠤ ᠢᠯᠵᠢᠷᠠᠯ ᠢ ᠡᠰᠡᠷᠬᠦᠴᠡᠬᠦ ᠵᠤᠬᠢᠴᠠᠭᠤᠯᠬᠤ | ᠲᠤᠭᠤᠢᠢᠯᠠᠩ ᠤᠨ ᠤᠢᠢᠯᠡᠳᠤᠯ ᠢ ᠪᠠᠳᠠᠷᠠᠭᠤᠯᠵᠤ᠂ ᠢᠯᠵᠢᠷᠠᠯ ᠢ ᠡᠰᠡᠷᠬᠦᠴᠡᠬᠦ ᠠᠵᠢᠯ ᠤᠨ ᠬᠠᠮᠳᠤᠷᠠᠯ ᠬᠦᠴᠤᠨ ᠢ ᠴᠢᠩᠭᠠᠳᠬᠠᠬᠤ | ᠭᠡᠷᠡᠭᠳᠠᠢ᠃ | ᠲᠤᠯᠤᠳᠤᠭᠠᠷ ᠲᠤ᠂ ᠤᠯᠠᠨ ᠲᠦᠮᠡᠨ ᠤ ᠲᠡᠷᠬᠡᠳᠡᠬᠢ ᠢᠯᠵᠢᠷᠠᠯ ᠪᠤᠯᠤᠨ ᠰᠤᠷᠳᠠᠯ ᠤᠨ ᠠᠰᠠᠭᠤᠳᠠᠯ ᠢ ᠦᠷᠬᠦᠯᠵᠢᠯᠠᠨ | ᠴᠡᠭᠴᠡᠯᠡᠨ ᠵᠠᠰᠠᠵᠤ᠂ ᠠᠷᠠᠳ ᠤᠯᠠᠨ ᠢ ᠨᠡᠩ ᠤᠯᠠᠨ ᠨᠡᠩ ᠰᠢᠭᠤᠳ ᠨᠡᠩ ᠪᠤᠳᠠᠳᠠᠢ ᠬᠦᠷᠳᠡᠮᠵᠢ ᠶᠢᠨ ᠲᠦᠷᠦᠭᠳᠡᠯ᠂ ᠵᠤᠯ | ᠵᠢᠷᠭᠠᠯᠳᠤ ᠲᠦᠷᠦᠭᠳᠡᠯ᠂ ᠠᠮᠤᠷ ᠲᠦᠪᠰᠢᠨ ᠤ ᠲᠦᠷᠦᠭᠳᠡᠯ ᠲᠠᠢ ᠪᠤᠯᠭᠠᠬᠤ ᠭᠡᠷᠡᠭᠳᠠᠢ᠃ ᠶᠠᠳᠠᠭᠤ ᠶᠢ ᠲᠡᠳᠬᠦᠬᠦ ᠬᠦᠷᠢᠶᠠᠨ ᠤ | ᠢᠯᠵᠢᠷᠡᠯ ᠪᠤᠯᠤᠨ ᠰᠤᠷᠳᠠᠯ ᠤᠨ ᠠᠰᠠᠭᠤᠳᠠᠯ ᠢ ᠲᠤᠰᠬᠠᠢ ᠴᠡᠭᠴᠡᠯᠡᠨ ᠵᠠᠰᠠᠬᠤ ᠶᠢ ᠬᠦᠨᠵᠡᠬᠡᠢ ᠠᠬᠢᠭᠤᠯᠵᠤ᠂ ᠰᠤᠷᠳᠠᠯ ᠤᠨ | ᠪᠤᠭᠤᠮᠳᠠ ᠰᠢᠪᠳᠤᠯᠬᠤ ᠪᠠᠷ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠶᠢ ᠠᠬᠢᠭᠤᠯᠬᠤ ᠭᠡᠷᠡᠭᠳᠠᠢ᠃ ᠠᠷᠠᠳ ᠤᠨ | ᠠᠮᠢᠳᠤᠷᠠᠯ ᠤᠨ ᠬᠦᠷᠢᠶᠠᠨ ᠤ ᠲᠤᠰᠬᠠᠢ ᠴᠡᠭᠴᠡᠯᠠᠨ ᠵᠠᠰᠠᠬᠤ ᠠᠵᠢᠯ ᠢ ᠦᠷᠨᠢᠬᠦᠯᠵᠤ᠂ ᠤᠯᠡᠨ ᠲᠦᠮᠡᠨ ᠤ ᠵᠤᠪᠠᠭᠤᠷᠢ ᠬᠦᠴᠢᠷᠳᠠᠯ | ᠬᠠᠯᠠᠮᠰᠢᠯ ᠠᠰᠠᠭᠤᠳᠠᠯ ᠳᠤ ᠠᠩᠬᠠᠷᠤᠯ ᠢᠶᠠᠨ ᠲᠦᠪᠯᠡᠷᠡᠬᠦᠯᠵᠤ᠂ ᠰᠤᠷᠭᠠᠨ ᠬᠦᠮᠤᠵᠢᠯ ᠡᠮ ᠡᠮᠨᠡᠯᠬᠡ᠂ ᠤᠷᠴᠢᠨ ᠲᠤᠭᠤᠷᠢᠨ ᠤ | ᠬᠠᠮᠠᠭᠠᠯᠠᠯᠳᠠ᠂ ᠢᠳᠡᠬᠡᠨ ᠪᠠ ᠡᠮ ᠤᠨ ᠵᠦᠢᠯ ᠤᠨ ᠠᠮᠤᠷ ᠲᠦᠪᠰᠢᠨ ᠵᠡᠷᠬᠡ ᠲᠠᠯᠠ ᠪᠠᠷ ᠤᠯᠠᠨ ᠲᠦᠮᠡᠨ ᠤ ᠠᠰᠢᠬ ᠲᠤᠰᠠ ᠶᠢ | ᠬᠤᠬᠢᠷᠠᠭᠤᠯᠤᠬᠰᠠᠨ ᠠᠰᠠᠭᠤᠳᠠᠯ ᠢ ᠰᠢᠢᠳᠪᠤᠷᠢᠯᠡᠬᠦ ᠭᠡᠷᠡᠭᠳᠠᠢ᠃ ᠦᠨᠳᠤᠰᠤᠨ ᠱᠠᠳᠤᠨ ᠤ ᠺᠠᠳ᠋ᠷ ᠤᠨ ᠰᠠᠬᠢᠯᠭᠠ ᠪᠠᠳᠤ ᠶᠢ | ᠵᠦᠷᠢᠴᠡᠵᠦ ᠬᠠᠤᠯᠢ ᠴᠠᠭᠠᠵᠠ ᠶᠢ ᠵᠦᠷᠢᠴᠡᠭᠰᠡᠨ ᠠᠵᠢᠯᠯᠠᠭᠠ ᠶᠢ ᠴᠢᠩᠭᠠ ᠪᠠᠶᠢᠴᠠᠭᠠᠵᠤ᠂ ᠬᠠᠷᠠ ᠪᠦᠯᠦᠭᠳᠡᠨ ᠬᠠᠷᠬᠢᠰ | ᠬᠦᠴᠤᠨ ᠤ ︽ᠬᠠᠮᠠᠭᠠᠯᠠᠭᠴᠢ︾ ᠶᠢ ᠴᠢᠩᠭᠠ ᠪᠠᠶᠢᠴᠠᠭᠠᠵᠤ᠂ ︽ᠲᠤᠰᠬᠤᠨ ᠤ ᠬᠠᠷᠬᠢᠰ ᠡᠵᠡᠷᠬᠡᠭᠴᠢ︾ ᠶᠢ ᠴᠢᠩᠭᠠ | ᠪᠠᠶᠢᠴᠠᠭᠠᠵᠤ᠂ ᠤᠪᠤᠬ ᠲᠦᠷᠤᠯ ᠤᠨ ᠬᠠᠷᠬᠢᠰ ᠬᠦᠴᠤᠨ ᠪᠤᠯᠤᠨ ᠱᠠᠯᠢᠬ ᠵᠠᠪᠬᠠᠢ ᠮᠦᠷᠤᠢ ᠲᠠᠢ ᠲᠤᠭᠯᠠᠭᠠᠮ ᠬᠤᠤᠷ ᠰᠠᠷᠢᠭᠠᠯᠠᠵᠤ | ᠬᠤᠤᠷ ᠲᠠᠳᠠᠬᠤ ᠠᠵᠢᠯᠯᠠᠭᠠ ᠶᠢᠨ ᠠᠷᠤ ᠳᠠᠬᠢ ᠢᠯᠵᠢᠷᠡᠯ ᠤᠨ ᠠᠵᠢᠯᠯᠠᠭᠠ ᠶᠢ ᠴᠢᠩᠭᠠ ᠪᠠᠶᠢᠴᠠᠭᠠᠬᠤ ᠭᠡᠷᠡᠭᠳᠠᠢ᠃ | ᠨᠠᠢᠮᠠᠳᠤᠭᠠᠷ ᠲᠤ᠂ ᠤᠯᠤᠰ ᠲᠦᠷᠤ ᠪᠠᠳᠤ ᠴᠢᠩᠭᠠ᠂ ᠡᠷᠳᠡᠮ ᠴᠢᠳᠠᠪᠤᠷᠢ ᠲᠠᠢ ᠪᠠᠶᠢᠬᠤ ᠱᠠᠭᠠᠷᠳᠠᠯᠭᠠ ᠪᠠᠷ᠂ ᠰᠠᠬᠢᠯᠭᠠ | ᠪᠠᠳᠤ ᠪᠠᠶᠢᠴᠠᠭᠠᠬᠤ ᠬᠢᠨᠠᠨ ᠪᠠᠶᠢᠴᠠᠭᠠᠬᠤ ᠡᠩᠨᠡᠬᠡᠨ ᠤ ᠪᠠᠶᠢᠭᠤᠯᠤᠯᠳᠠ ᠶᠢ ᠴᠢᠩᠭᠠ ᠪᠤᠳᠠᠳᠠᠢ ᠴᠢᠩᠭᠠᠳᠬᠠᠬᠤ ᠭᠡᠷᠡᠭᠳᠠᠢ᠃ | ᠲᠦᠷᠦᠭᠦᠯᠡᠨ ᠨᠠᠮ ᠤᠨ ᠤᠯᠤᠰ ᠲᠦᠷᠤ ᠶᠢᠨ ᠪᠠᠶᠢᠭᠤᠯᠤᠯᠳᠠ ᠶᠢ ᠴᠢᠩᠭᠠᠳᠬᠠᠵᠤ᠂ ᠰᠢ ᠶᠢᠨ ᠫᠢᠩ ᠨᠦᠬᠦᠷ ᠢᠶᠠᠷ ᠭᠤᠤᠯ | ᠪᠤᠯᠭᠠᠬᠰᠠᠨ ᠨᠠᠮ ᠤᠨ ᠲᠦᠪ ᠬᠤᠷᠢᠶᠠ ᠲᠠᠢ ᠤᠬᠠᠮᠰᠠᠷ ᠠᠴᠠ ᠪᠠᠨ ᠲᠡᠭᠡᠳᠤ ᠬᠡᠮᠵᠢᠶᠠ ᠪᠠᠷ ᠨᠢᠬᠡᠳᠤᠯᠳᠠᠢ ᠪᠠᠶᠢᠵᠤ᠂ ᠨᠠᠮ ᠤᠨ | ᠲᠦᠪ ᠬᠤᠷᠢᠶᠠ ᠶᠢ ᠰᠠᠨᠠᠭᠠ ᠠᠮᠤᠷ ᠪᠠᠶᠢᠯᠭᠠᠬᠤ᠂ ᠠᠷᠠᠳ ᠤᠯᠠᠨ ᠰᠡᠳᠬᠢᠯ ᠬᠠᠨᠤᠮᠵᠢᠳᠠᠢ ᠪᠠᠶᠢᠬᠤ ᠵᠢᠱᠢᠶᠠᠴᠢ ᠪᠠᠶᠢᠭᠤᠯᠭᠠ ᠶᠢ | ᠪᠠᠶᠢᠭᠤᠯᠬᠤ ᠭᠡᠷᠡᠭᠳᠠᠢ᠃ ᠨᠠᠮ ᠠᠴᠠ ᠺᠠᠳ᠋ᠷ ᠢ ᠬᠠᠮᠢᠶᠠᠷᠬᠤ ᠵᠠᠷᠴᠢᠮ ᠢ ᠪᠠᠷᠢᠮᠳᠠᠯᠠᠵᠤ᠂ ᠺᠠᠳ᠋ᠷ ᠤᠨ ᠪᠦᠳᠤᠴᠠ ᠶᠢ | ᠰᠢᠯᠢᠳᠡᠭᠵᠢᠬᠦᠯᠵᠤ᠂ ᠬᠡᠪ ᠪᠤᠯᠪᠠᠰᠤᠷᠠᠯ ᠴᠢᠳᠠᠪᠤᠷᠢ ᠶᠢ ᠨᠢ ᠲᠡᠭᠡᠭᠰᠢᠯᠡᠬᠦᠯᠬᠦ ᠭᠡᠷᠡᠭᠳᠠᠢ᠃ ᠰᠤᠷᠳᠠᠯ ᠪᠤᠯᠤᠨ ᠰᠠᠬᠢᠯᠭᠠ ᠪᠠᠳᠤ ᠶᠢᠨ | ᠪᠠᠶᠢᠭᠤᠯᠤᠯᠳᠠ ᠶᠢ ᠴᠢᠩᠭᠠᠳᠬᠠᠵᠤ᠂ ︽ᠭᠤᠷᠪᠠᠨ ᠴᠢᠩᠭᠠ ᠭᠤᠷᠪᠠᠨ ᠪᠤᠳᠠᠳᠠᠢ︾ ᠶᠢᠨ ᠱᠠᠭᠠᠷᠳᠠᠯᠭᠠ ᠶᠢ ᠨᠠᠶᠢᠳᠠᠪᠤᠷᠢᠵᠢᠭᠤᠯᠵᠤ᠂ | ᠲᠦᠷᠢᠮ ᠲᠤᠭᠳᠠᠭᠠᠯ ᠰᠠᠬᠢᠯᠭᠠ ᠪᠠᠳᠤ ᠬᠠᠤᠯᠢ ᠴᠠᠭᠠᠵᠠ ᠶᠤᠰᠤᠭᠠᠷ ᠡᠬᠦᠷᠬᠡ ᠬᠠᠷᠢᠭᠤᠴᠠᠯᠭᠠ ᠪᠠᠨ ᠬᠦᠢᠴᠡᠳᠬᠡᠵᠤ᠂ ᠬᠢᠨᠠᠯᠳᠠ | ᠲᠠᠯᠪᠢᠬᠤ ᠪᠠ ᠰᠠᠬᠢᠯᠭᠠ ᠪᠠᠳᠤ ᠭᠡᠷᠡᠭᠵᠢᠬᠦᠯᠬᠦ ᠠᠵᠢᠯ ᠤᠨ ᠲᠦᠷᠢᠮ ᠢ ᠴᠢᠩᠭᠠ ᠭᠡᠷᠡᠭᠵᠢᠬᠦᠯᠵᠤ᠂ ᠰᠠᠬᠢᠯᠭᠠ ᠪᠠᠳᠤ ᠭᠡᠷᠡᠭᠵᠢᠬᠦᠯᠬᠦ | ᠬᠠᠤᠯᠢ ᠭᠡᠷᠡᠭᠵᠢᠬᠦᠯᠬᠦ ᠡᠷᠬᠡ ᠶᠢ ᠲᠦᠷᠢᠮ ᠤᠨ ᠰᠢᠩᠬᠡᠯᠢᠭ ᠲᠤ ᠬᠤᠷᠢᠬᠤ ᠭᠡᠷᠡᠭᠳᠠᠢ᠃ ᠰᠠᠬᠢᠯᠭᠠ ᠪᠠᠳᠤ ᠭᠡᠷᠡᠭᠵᠢᠬᠦᠯᠦᠭᠴᠢ | ᠰᠠᠬᠢᠯᠭᠠ ᠪᠠᠳᠤ ᠶᠢ ᠵᠦᠷᠢᠴᠡᠬᠦ᠂ ᠬᠠᠤᠯᠢ ᠬᠡᠷᠡᠭᠵᠢᠬᠦᠯᠦᠭᠴᠢ ᠬᠠᠤᠯᠢ ᠶᠢ ᠵᠦᠷᠢᠴᠡᠬᠦ ᠶᠢ ︽ᠤᠬᠳᠤ ᠠᠭᠤᠴᠢᠯᠠᠬᠤ ᠦᠭᠡᠢ︾ | ᠪᠠᠶᠢᠵᠦ᠂ ︽ᠳ᠋ᠧᠩ ᠤᠨ ᠲᠤᠤᠷᠠᠬᠢ ᠬᠠᠷᠠᠩᠭᠤᠢ︾ ᠶᠢ ᠡᠷᠡᠰ ᠰᠡᠷᠬᠡᠶᠢᠯᠠᠵᠤ᠂ ᠨᠠᠮ ᠤᠨ ᠳᠤᠳᠤᠭᠠᠳᠤ ᠶᠢᠨ ᠬᠢᠨᠠᠯᠳᠠ ᠲᠠᠯᠪᠢᠬᠤ | ᠪᠤᠯᠤᠨ ᠪᠤᠰᠤᠳ ᠡᠯᠠ ᠲᠠᠯᠠ ᠶᠢᠨ ᠬᠢᠨᠠᠯᠳᠠ ᠲᠠᠯᠪᠢᠬᠤ ᠶᠢ ᠤᠬᠠᠮᠰᠠᠷ ᠠᠴᠠ ᠪᠠᠨ ᠬᠦᠯᠢᠶᠠᠵᠤ᠂ ᠬᠡᠷ ᠪᠦᠯᠢ᠂ ᠦᠷᠡ ᠬᠡᠤᠬᠡᠳ | ᠪᠤᠯᠤᠨ ᠲᠡᠷᠬᠡᠳᠡᠬᠢ ᠠᠵᠢᠯᠳᠠᠨ ᠢᠶᠠᠨ ᠴᠢᠩᠭᠠ ᠬᠠᠮᠢᠶᠠᠷᠴᠤ᠂ ᠦᠨᠡᠨᠴᠢ ᠰᠢᠳᠤᠷᠭᠤ ᠡᠷᠡᠰ ᠪᠠᠳᠤ᠂ ᠵᠤᠷᠢᠬᠳᠠᠢ ᠡᠭᠦᠷᠭᠡ | ᠡᠬᠦᠷᠬᠡᠯᠠᠨ ᠬᠠᠷᠢᠭᠤᠴᠠᠯᠭᠠ ᠬᠦᠢᠴᠡᠳᠭᠡᠳᠡᠭ᠂ ᠰᠠᠬᠢᠯᠭᠠ ᠪᠠᠳᠤ ᠶᠢ ᠰᠠᠬᠢᠵᠤ ᠬᠠᠤᠯᠢ ᠴᠠᠭᠠᠵᠠ ᠶᠢ ᠵᠢᠷᠤᠮᠯᠠᠳᠠᠭ᠂ ᠠᠷᠢᠭᠤᠨ | ᠴᠢᠬᠡᠴᠢ ᠰᠠᠬᠢᠯᠭᠠ ᠪᠠᠳᠤ ᠪᠠᠶᠢᠴᠠᠭᠠᠬᠤ ᠬᠢᠨᠠᠨ ᠪᠠᠶᠢᠴᠠᠭᠠᠬᠤ ᠰᠠᠯᠠᠭᠠ ᠮᠦᠴᠢᠷ ᠤᠨ ᠢᠯᠠᠭᠤᠭᠰᠠᠨ ᠴᠡᠷᠢᠭ ᠢ ᠪᠠᠶᠢᠭᠤᠯᠬᠤ | ᠭᠡᠷᠡᠭᠳᠠᠢ᠃ | ᠪᠦᠬᠦᠳᠠ ᠬᠤᠷᠠᠯ ᠠᠴᠠ ᠨᠠᠮ ᠤᠨ ᠲᠦᠷᠢᠮ ᠶᠤᠰᠤᠭᠠᠷ᠂ ᠯᠤ᠋ ᠰᠢ ᠨᠦᠬᠦᠷ ᠢ ᠳᠤᠮᠳᠠᠳᠤ ᠤᠯᠤᠰ ᠤᠨ ᠡᠪ ᠬᠠᠮᠳᠤ | ᠨᠠᠮ ᠤᠨ ᠲᠦᠪ ᠬᠤᠷᠢᠶᠠᠨ ᠤ ᠰᠠᠬᠢᠯᠭᠠ ᠪᠠᠳᠤ ᠪᠠᠶᠢᠴᠠᠭᠠᠬᠤ ᠬᠤᠷᠢᠶᠠᠨ ᠤ ᠪᠠᠶᠢᠩᠭᠤ ᠶᠢᠨ ᠬᠤᠷᠢᠶᠠᠨ ᠤ ᠬᠡᠰᠢᠬᠦᠨ ᠢᠶᠠᠷ | ᠰᠤᠩᠭᠤᠵᠠᠢ᠃ | ᠪᠦᠬᠦᠳᠠ ᠬᠤᠷᠠᠯ ᠠᠴᠠ᠂ ᠰᠢ ᠶᠢᠨ ᠫᠢᠩ ᠨᠦᠬᠦᠷ ᠢᠶᠠᠷ ᠭᠤᠤᠯ ᠪᠤᠯᠭᠠᠬᠰᠠᠨ ᠨᠠᠮ ᠤᠨ ᠲᠦᠪ ᠬᠤᠷᠢᠶᠠᠨ ᠤ | ᠲᠤᠭᠤᠷᠢᠨ ᠳᠤ ᠨᠢᠬᠳᠠᠷᠠᠨ ᠪᠦᠯᠬᠦᠮᠳᠠᠵᠤ᠂ ᠡᠷᠡᠯᠭᠡᠭᠯᠠᠨ ᠤᠷᠤᠬᠰᠢᠯᠠᠵᠤ᠂ ᠡᠷᠡᠮᠡᠬᠡᠶᠢᠯᠠᠨ ᠲᠠᠪᠰᠢᠵᠤ᠂ ᠪᠦᠬᠦ ᠲᠠᠯᠠ ᠪᠠᠷ ᠨᠠᠮ ᠢ | ᠴᠢᠩᠭᠠ ᠵᠠᠰᠠᠬᠤ᠂ ᠨᠠᠮ ᠤᠨ ᠰᠤᠷᠳᠠᠯ ᠴᠢᠬᠡᠴᠢ ᠵᠠᠰᠠᠬ ᠤᠨ ᠪᠠᠶᠢᠭᠤᠯᠤᠯᠳᠠ ᠪᠤᠯᠤᠨ ᠢᠯᠵᠢᠷᠠᠯ ᠢ ᠡᠰᠡᠷᠬᠦᠴᠡᠬᠦ ᠲᠡᠮᠡᠴᠡᠯ ᠢ | ᠯᠠᠪᠳᠠᠭᠤᠨ ᠪᠠᠳᠤᠳᠠᠢ ᠠᠬᠢᠭᠤᠯᠵᠤ᠂ ᠨᠠᠮ ᠤᠨ ᠠᠷᠪᠠ ᠶᠢᠰᠤᠳᠤᠭᠡᠷ ᠶᠡᠭᠡ ᠬᠤᠷᠠᠯ ᠤᠨ ᠵᠤᠷᠢᠬ ᠰᠠᠨᠠᠭᠠ ᠪᠤᠯᠤᠨ ᠨᠠᠮ ᠤᠨ ᠲᠦᠪ | ᠬᠤᠷᠢᠶᠠᠨ ᠤ ᠴᠢᠬᠤᠯᠠ ᠶᠡᠭᠡ ᠰᠢᠢᠳᠪᠤᠷᠢᠳᠤ ᠪᠤᠳᠤᠯᠭᠠ ᠪᠠᠶᠢᠷᠢᠯᠠᠭᠤᠯᠤᠯᠳᠠ ᠶᠢ ᠬᠦᠨᠵᠡᠬᠡᠢ ᠲᠤᠭᠤᠰᠢᠯᠠᠭᠤᠯᠤᠨ | ᠨᠠᠶᠢᠳᠠᠪᠤᠷᠢᠵᠢᠭᠤᠯᠬᠤ᠂ ᠴᠢᠨᠡᠭᠡᠯᠢᠭ ᠨᠡᠶᠢᠬᠡᠮ ᠢ ᠪᠦᠬᠦ ᠲᠠᠯᠠ ᠪᠠᠷ ᠪᠡᠶᠡᠯᠡᠬᠦᠯᠬᠦ ᠰᠢᠢᠳᠪᠤᠷᠢᠳᠤ ᠢᠯᠠᠯᠳᠠ ᠶᠢ ᠤᠯᠬᠤ᠂ | ᠳᠤᠮᠳᠠᠳᠤ ᠶᠢᠨ ᠦᠨᠳᠤᠰᠤᠳᠠᠨ ᠤ ᠠᠭᠤᠤ ᠶᠡᠭᠡ ᠰᠡᠷᠬᠦᠨ ᠮᠠᠨᠳᠤᠯᠳᠠ ᠶᠢᠨ ᠳᠤᠮᠳᠠᠳᠤ ᠶᠢᠨ ᠵᠡᠬᠦᠳᠤ ᠶᠢ ᠲᠡᠷᠬᠡᠯᠰᠢᠬᠦᠯᠬᠦ ᠶᠢᠨ | ᠲᠦᠯᠤᠬᠡ ᠴᠦᠬᠦᠷᠡᠰᠢ ᠦᠬᠡᠢ ᠲᠡᠮᠡᠴᠡᠰᠦᠭᠡᠢ︕ ᠬᠡᠵᠤ ᠤᠷᠢᠶᠠᠯᠠᠪᠠ᠃ | ︵ᠰᠢᠨᠬᠤᠸᠠ ᠬᠤᠷᠢᠶᠠᠨ ᠤ ᠪᠡᠭᠡᠵᠢᠩ ᠤᠨ 1 ᠰᠠᠷᠠ ᠶᠢᠨ 13 ᠤ ᠴᠠᠬᠢᠯᠭᠠᠨ ᠮᠡᠳᠡᠭᠡ︶ | |