ᠰᠤᠶᠤᠯ ᠤᠨ ᠨᠡᠷᠡ ᠶᠢ ᠠᠰᠢᠬᠯᠠᠨ᠂ ᠲᠦᠷᠪᠡᠨ ᠵᠦᠭ ᠤᠨ ᠵᠤᠴᠢᠳ ᠢ ᠴᠤᠭᠯᠠᠷᠠᠭᠤᠯᠵᠥ᠂ ᠰᠤᠶᠤᠯ ᠤᠨ ᠠᠵᠥ | ᠦᠢᠯᠡᠰ ᠤᠨ ᠦᠵᠡᠰᠬᠦᠯᠡᠩ ᠪᠠ ᠠᠷᠠᠯᠵᠢᠶᠠᠨ ᠤ ᠦᠪᠡᠳᠡᠭᠰᠢ ᠴᠤᠭᠯᠠᠭᠠᠨ ᠡᠷᠬᠢᠯᠡᠨᠡᠮ᠃ ᠦᠴᠦᠬᠡᠳᠤᠷ᠂ ︽ᠨᠤᠮᠢᠨ ᠨᠤᠭᠤᠭᠠᠨ | ᠤᠮᠠᠷᠠᠳᠤ ᠬᠢᠯᠢ ᠰᠤᠶᠤᠯ ᠤᠨ ᠪᠦᠳᠦᠬᠡᠯᠴᠢ ᠠᠵᠥ ᠦᠢᠯᠡᠰ ᠤᠨ ᠰᠠᠷᠠᠭᠤᠯ ᠢᠷᠡᠬᠡᠳᠤᠢ︾ ᠪᠠᠷ ᠭᠤᠤᠯ ᠰᠡᠳᠤᠪ ᠪᠤᠯᠭᠠᠭᠰᠠᠠ | ᠲᠦᠷᠪᠡᠳᠤᠭᠡᠷ ᠬᠤᠭᠤᠴᠠᠭᠠᠨ ᠤ ᠦᠪᠤᠷ ᠮᠤᠩᠭᠤᠯ ᠤᠨ ᠰᠤᠶᠤᠯ ᠤᠨ ᠠᠵᠥ ᠦᠢᠯᠡᠰ ᠤᠨ ᠦᠵᠡᠰᠬᠦᠯᠡᠩ ᠪᠠ ᠠᠷᠠᠯᠵᠢᠶᠠᠨ ᠤ | ᠴᠤᠭᠯᠠᠭᠠᠨ ᠦᠪᠡᠳᠡᠭᠰᠢ ᠶᠡᠭᠡ ᠪᠠᠷ ᠡᠬᠢᠯᠡᠯᠡ᠃ ᠡᠨᠡ ᠬᠦ ᠦᠪᠡᠳᠡᠭᠰᠢ ᠴᠤᠭᠯᠠᠭᠠᠨ ᠨᠢ ᠮᠠᠨ ᠤ ᠤᠷᠤᠨ ᠤ ᠰᠤᠶᠤᠯ ᠤᠨ | ᠢᠳᠡᠬᠡᠯ ᠢ ᠢᠯᠡᠷᠡᠬᠦᠯᠬᠦ ᠲᠠᠪᠴᠠᠩ ᠪᠤᠯᠬᠤ ᠪᠠᠷ ᠪᠠᠷᠠᠬᠤ ᠦᠬᠡᠢ᠂ ᠪᠠᠰᠠ ᠰᠤᠶᠤᠯ ᠤᠨ ᠤᠬᠠᠭᠤᠯᠭᠠ ᠶᠢᠨ ᠴᠢᠬᠤᠯᠠ | ᠴᠤᠩᠬᠤᠪᠴᠢ᠂ ᠨᠡᠩ ᠴᠦ ᠰᠤᠶᠤᠯ ᠤᠨ ᠬᠦᠭᠵᠢᠯᠳᠡ ᠶᠢᠨ ᠰᠤᠯᠢᠯᠴᠠᠭᠠᠨ ᠤ ᠲᠠᠪᠴᠠᠩ ᠪᠤᠯᠤᠨᠠ᠃ | ᠰᠤᠶᠤᠯ ᠤᠨ ᠦᠪᠡᠳᠡᠭᠰᠢ ᠴᠤᠭᠯᠠᠭᠠᠨ ᠬᠦᠨᠳᠤ ᠡᠬᠦᠷᠬᠡ ᠶᠢ ᠡᠬᠦᠷᠬᠡᠯᠡᠵᠥ ᠪᠠᠶᠢᠨᠠ᠃ 8 ᠶᠡᠭᠡ ᠭᠤᠤᠯ ᠰᠡᠳᠤᠪ᠂ 8 | ᠶᠡᠭᠡ ᠦᠵᠡᠬᠦᠯᠬᠡ ᠶᠢᠨ ᠤᠷᠳᠤᠨ᠂ 2 ᠬᠤᠪᠢᠶᠠᠷᠢ ᠲᠠᠯᠠᠪᠠᠢ ᠁ ᠲᠤᠰ ᠬᠤᠭᠤᠴᠠᠭᠠᠨ ᠤ ᠰᠤᠶᠤᠯ ᠤᠨ ᠠᠵᠥ ᠦᠢᠯᠡᠰ ᠤᠨ | ᠦᠵᠡᠰᠬᠦᠯᠡᠩ ᠪᠠ ᠠᠷᠠᠯᠵᠢᠶᠠᠨ ᠤ ᠴᠤᠭᠯᠠᠭᠠᠨ ᠨᠢ ᠰᠢ ᠶᠢᠨ ᠫᠢᠩ ᠤᠨ ᠰᠢᠨᠡ ᠴᠠᠭ ᠦᠶᠡ ᠶᠢᠨ ᠲᠤᠮᠳᠠᠳᠤ ᠤᠯᠤᠰ ᠤᠨ | ᠤᠨᠴᠠᠯᠢᠭ ᠲᠠᠢ ᠨᠡᠶᠢᠬᠡᠮ ᠵᠢᠷᠤᠮ ᠤᠨ ᠦᠵᠡᠯ ᠰᠠᠨᠠᠭᠠ ᠪᠠᠷ ᠵᠢᠯᠤᠭᠤᠳᠤᠯᠭᠠ ᠪᠤᠯᠭᠠᠵᠥ᠂ ᠦᠪᠡᠷᠳᠡᠭᠡᠨ ᠵᠠᠰᠠᠭ ᠤᠷᠤᠨ ᠤ ᠤᠷᠤᠨ | ᠪᠠᠶᠢᠷᠢ ᠶᠢᠨ ᠲᠠᠪᠠᠭᠤᠯᠢᠭ᠂ ᠲᠦᠷᠦ ᠶᠢᠨ ᠪᠤᠳᠤᠯᠭᠠ ᠶᠢᠨ ᠲᠠᠪᠠᠭᠤᠯᠢᠭ᠂ ᠰᠤᠶᠤᠯ ᠤᠨ ᠡᠬᠢ ᠪᠠᠶᠠᠯᠢᠭ ᠤᠨ ᠲᠠᠪᠠᠭᠤᠯᠢᠭ ᠲᠤ | ᠰᠠᠭᠤᠷᠢᠯᠠᠵᠥ᠂ ᠨᠡᠩ ᠲᠤᠰᠬᠠᠢᠢᠵᠢᠬᠰᠠᠠ᠂ ᠵᠠᠬᠠ ᠲᠡᠯᠬᠡᠬᠦᠷᠵᠢᠭᠰᠡᠡ᠂ ᠲᠠᠶᠠᠭᠠᠷᠴᠢᠯᠠᠬᠰᠠᠠ ᠴᠤᠭᠯᠠᠭᠠᠨ ᠡᠷᠬᠢᠯᠡᠬᠦ ᠲᠦᠪᠰᠢᠨ ᠢᠶᠠᠷ᠂ | ᠲᠡᠯᠡᠬᠡᠢ ᠳ᠋ᠡᠬᠢᠨ ᠳᠤ ᠤᠢᠢᠷᠠ ᠶᠢᠨ ᠵᠢᠯ ᠠᠴᠠ ᠨᠠᠭᠠᠰᠢᠬᠢ ᠮᠠᠨ ᠤ ᠤᠷᠤᠨ ᠤ ᠰᠤᠶᠤᠯ ᠤᠨ ᠠᠵᠥ ᠦᠢᠯᠡᠰ ᠤᠨ ᠬᠦᠭᠵᠢᠯᠳᠡ ᠶᠢᠨ | ᠠᠮᠵᠢᠯᠳᠠ ᠪᠦᠳᠦᠮᠵᠢ ᠪᠤᠯᠤᠨ ᠲᠠᠭᠤᠰᠤᠰᠢ ᠦᠭᠡᠢ ᠷᠢᠳᠢ ᠰᠢᠳᠢ ᠶᠢ ᠦᠵᠡᠬᠦᠯᠬᠦ ᠪᠤᠯᠤᠨᠠ᠂ ᠡᠬᠦᠨ ᠤ ᠵᠡᠷᠬᠡ ᠪᠠᠷ᠂ ᠪᠢᠳᠡ | ᠡᠬᠦᠨ ᠢᠶᠠᠷ ᠠᠵᠠ ᠲᠤᠬᠢᠶᠠᠯ ᠪᠤᠯᠭᠠᠵᠥ᠂ ᠬᠠᠮᠳᠤ ᠶᠢᠨ ᠲᠠᠨᠢᠯᠳᠠ ᠪᠠᠨ ᠨᠡᠮᠡᠭᠳᠡᠬᠦᠯᠵᠥ᠂ ᠬᠠᠮᠳᠤᠷᠠᠯᠴᠠᠭᠠ ᠪᠠᠨ ᠠᠬᠢᠭᠤᠯᠵᠥ᠂ | ᠰᠤᠯᠢᠯᠴᠠᠭᠠ ᠪᠠᠨ ᠬᠦᠨᠵᠡᠬᠡᠶᠢᠷᠡᠬᠦᠯᠵᠥ᠂ ᠪᠦᠬᠦ ᠤᠷᠤᠨ ᠤ ᠦᠨᠳᠦᠰᠦᠳᠡᠨ ᠨᠦᠭᠦᠳ ᠤᠨ ᠠᠷᠠᠳ ᠲᠦᠮᠡᠨ ᠤ ᠰᠤᠶᠤᠯ ᠤᠨ | ᠪᠦᠳᠦᠬᠡᠭᠳᠡᠬᠦᠨ ᠤ ᠬᠠᠩᠭᠠᠯᠭᠠ ᠬᠡᠷᠡᠭᠴᠡᠭᠡ ᠶᠢ ᠨᠡᠩ ᠰᠠᠶᠢᠳᠤᠷ ᠬᠠᠩᠭᠠᠵᠥ᠂ ᠦᠪᠤᠷ ᠮᠤᠩᠭᠤᠯ ᠤᠨ ᠰᠤᠶᠤᠯ ᠤᠨ ᠠᠵᠥ | ᠦᠢᠯᠡᠰ ᠤᠨ ᠴᠢᠨᠠᠷ ᠰᠠᠶᠢᠳᠠᠢ ᠬᠦᠭᠵᠢᠯᠳᠡ ᠶᠢ ᠠᠬᠢᠭᠤᠯᠬᠤ ᠪᠤᠯᠤᠨᠠ᠃ | ᠲᠤᠰ ᠬᠤᠭᠤᠴᠠᠭᠠᠨ ᠤ ᠰᠤᠶᠤᠯ ᠤᠨ ᠠᠵᠥ ᠦᠢᠯᠡᠰ ᠤᠨ ᠦᠵᠡᠰᠬᠦᠯᠡᠩ ᠪᠠ ᠠᠷᠠᠯᠵᠢᠶᠠᠨ ᠤ ᠴᠤᠭᠯᠠᠭᠠᠨ ᠳᠤ ᠬᠦᠷᠪᠡᠯ | ᠬᠠᠷᠠᠭᠠ ᠲᠦᠬᠦᠷᠡᠩ᠂ ᠭᠤᠴᠦ ᠰᠠᠶᠢᠬᠠᠨ ᠰᠤᠶᠤᠯ ᠤᠨ ᠡᠬᠦᠳᠦᠯᠳᠡ ᠶᠢᠨ ᠪᠦᠳᠦᠬᠡᠭᠳᠡᠬᠦᠨ ᠢ ᠤᠯᠵᠥ ᠦᠵᠡᠬᠦ ᠪᠠᠷ ᠪᠠᠷᠠᠬᠤ | ᠦᠬᠡᠢ᠂ ᠨᠡᠩ ᠴᠦ ᠮᠠᠨ ᠤ ᠤᠷᠤᠨ ᠤ ᠰᠤᠶᠤᠯ ᠤᠨ ᠡᠬᠦᠳᠦᠯᠳᠡ ᠶᠢᠨ ᠠᠵᠥ ᠦᠢᠯᠡᠰ ᠤᠨ ᠡᠳᠤᠷ ᠢᠷᠡᠬᠦᠶᠡ ᠦᠷᠨᠢᠨ | ᠬᠦᠭᠵᠢᠵᠥ ᠪᠠᠶᠢᠭᠠ ᠪᠠᠶᠢᠳᠠᠯ ᠢ ᠤᠢᠢᠯᠠᠭᠠᠬᠤ ᠪᠤᠯᠤᠨᠠ᠃ ᠰᠤᠶᠤᠯ ᠤᠨ ᠠᠵᠥ ᠦᠢᠯᠡᠰ ᠤᠨ ᠦᠵᠡᠰᠬᠦᠯᠡᠩ ᠪᠠ ᠠᠷᠠᠯᠵᠢᠶᠠᠨ ᠤ | ᠴᠤᠭᠯᠠᠭᠠᠨ ᠤ ᠡᠨᠡ ᠬᠦ ᠲᠠᠪᠴᠠᠩ ᠢᠶᠠᠷ ᠲᠠᠮᠵᠢᠭᠤᠯᠤᠮᠠᠨᠵᠢᠨ ᠰᠠᠶ᠋ᠢ ᠰᠤᠶᠤᠯ ᠪᠤᠯᠤᠨ ᠡᠬᠦᠳᠦᠯᠳᠡ ᠶᠢ ᠤᠳᠠᠭᠠ ᠲᠠᠷᠠᠭᠠ ᠪᠠᠷ | ︽ᠬᠤᠳᠠ ᠤᠷᠤᠭ ᠪᠤᠯᠤᠯᠴᠠᠭᠤᠯᠵᠥ︾᠂ 1+1> 2 ᠬᠡᠬᠦ ᠬᠤᠷᠡᠯᠳᠡ ᠶᠢᠨ ᠬᠦᠴᠦᠨ ᠢ ᠢᠯᠡᠷᠡᠬᠦᠯᠵᠥ᠂ ᠰᠤᠶᠤᠯ ᠤᠨ | ᠬᠦᠰᠡᠯ ᠵᠡᠬᠦᠳᠤ ᠨᠦᠭᠦᠳ ᠤᠨ ᠲᠠᠷᠪᠠᠭᠤᠯ ᠢᠶᠠᠨ ᠪᠤᠰᠬᠠᠨ ᠬᠤᠯᠠ ᠠᠶᠠᠯᠠᠬᠤ ᠶᠢ ᠠᠬᠢᠭᠤᠯᠵᠥ ᠴᠢᠳᠠᠨᠠ ᠬᠡᠵᠥ ᠬᠡᠯᠡᠵᠥ ᠪᠤᠯᠤᠨᠠ᠃ | ᠰᠢᠨᠡ ᠠᠷᠭᠠ ᠪᠠᠷᠢᠯ᠂ ᠰᠢᠨᠡ ᠬᠡᠪ ᠵᠠᠬᠪᠤᠷ᠂ ᠰᠢᠨᠡ ᠮᠡᠷᠭᠡᠵᠢᠯ ᠳᠤ ᠦᠷᠬᠦᠯᠵᠢᠯᠡᠨ ᠲᠦᠰᠢᠭᠯᠡᠵᠤ᠂ ᠰᠤᠶᠤᠯ ᠪᠠ ᠰᠢᠨᠵᠢᠯᠡᠬᠦ | ᠤᠬᠠᠭᠠᠨ ᠲᠧᠭᠨᠢᠭ ᠮᠡᠷᠭᠡᠵᠢᠯ᠂ ᠢᠨᠲᠧᠷ ᠰᠦᠯᠵᠢᠶᠡ᠂ ᠮᠦᠡᠭᠭᠦᠨ ᠬᠦᠢᠯᠭᠡᠭᠡᠨ᠂ ᠬᠤᠳᠠᠯᠳᠤᠭᠠᠨ ᠤ ᠦᠢᠯᠡᠰ᠂ ᠵᠢᠭᠤᠯᠴᠢᠯᠡᠯ᠂ | ᠪᠠᠶᠡ ᠶᠢᠨ ᠲᠠᠮᠢᠷ᠂ ᠴᠠᠭ ᠤᠨ ᠦᠡᠭᠭᠡ ᠵᠡᠷᠭᠡ ᠠᠵᠤ ᠦᠢᠯᠡᠰ ᠤᠨ ᠬᠦᠨᠵᠡᠭᠡᠢ ᠠᠭᠤᠰᠤᠯᠴᠠᠯ ᠢ ᠦᠷᠬᠦᠯᠵᠢᠯᠡᠨ ᠠᠬᠢᠭᠤᠯᠵᠤ᠂ | ᠭᠠᠵᠠᠷ ᠤᠷᠤᠨ ᠤ ᠤᠨᠴᠠᠯᠢᠬᠳᠤ ᠰᠤᠶᠤᠯ ᠤᠨ ᠡᠬᠢ ᠪᠠᠶᠠᠯᠢᠭ ᠢ ᠬᠦᠢᠴᠡᠳ ᠠᠭᠤᠳᠠᠯᠵᠤ᠂ ᠠᠭᠤᠰᠤᠯᠴᠠᠨ ᠬᠦᠭᠵᠢᠬᠦ ᠵᠠᠮ ᠢᠶᠠᠷ | ᠰᠠᠶᠢᠳᠤᠷ ᠵᠠᠮᠨᠠᠪᠡᠯ ᠰᠠᠶᠢ ᠮᠠᠨ ᠤ ᠤᠷᠤᠨ ᠤ ᠰᠤᠶᠤᠯ ᠤᠨ ᠠᠵᠤ ᠦᠢᠯᠡᠰ ᠤᠨ ᠬᠦᠭᠵᠢᠯᠳᠠ ᠳᠤ ᠦᠷᠨᠢᠬᠦᠨ ᠬᠦᠳᠡᠯᠭᠡᠬᠦ ᠬᠦᠴᠦᠨ | ᠨᠠᠮᠡᠷᠢᠯᠡᠵᠤ᠂ ᠨᠡᠶᠢᠭᠡᠮ ᠠᠵᠤ ᠠᠬᠤᠢ ᠶᠢᠨ ᠬᠦᠭᠵᠢᠯᠳᠠ ᠳᠤ ᠬᠦᠴᠦᠷᠭᠡᠭ ᠲᠤᠯᠭᠠᠭᠤᠷᠢᠯᠡᠯ ᠬᠠᠨᠭ᠍ᠭᠠᠵᠤ ᠴᠢᠳᠠᠨᠡ᠃ | ᠰᠤᠶᠤᠯ ᠨᠢ ᠰᠤᠯᠢᠯᠴᠠᠭᠠ ᠪᠠᠷ ᠲᠠᠮᠵᠢᠨ ᠪᠠᠶᠠᠯᠢᠬᠵᠢᠵᠤ᠂ ᠪᠤᠯᠪᠠᠰᠤᠨ ᠨᠢ ᠬᠠᠷᠢᠯᠴᠠᠨ ᠲᠤᠯᠢᠳᠠᠬᠤ ᠪᠠᠷ ᠲᠠᠮᠵᠢᠨ | ᠭᠠᠶᠢᠬᠠᠮᠰᠢᠭᠳᠠᠢ ᠪᠤᠯᠳᠠᠭ᠃ ᠲᠤᠰ ᠬᠤᠭᠤᠴᠠᠭᠠᠨ ᠤ ᠰᠤᠶᠤᠯ ᠤᠨ ᠠᠵᠤ ᠦᠢᠯᠡᠰ ᠤᠨ ᠦᠵᠡᠰᠬᠦᠯᠡᠩ ᠪᠠ ᠠᠷᠠᠯᠵᠢᠶᠠᠨ ᠤ | ᠴᠤᠬᠯᠠᠭᠠᠨ ᠲᠡᠭᠡᠷᠡ᠂ ᠪᠦᠬᠦ ᠪᠦᠮᠪᠦᠷᠴᠡᠭ ᠤᠨ 20 ᠰᠢᠬᠠᠮ ᠤᠯᠤᠰ ᠪᠠ ᠭᠠᠵᠠᠷ ᠤᠷᠤᠨ᠂ ᠪᠦᠬᠦ ᠤᠯᠤᠰ ᠤᠨ 20 ᠭᠠᠷᠤᠢ | ᠮᠤᠵᠢ ᠤᠷᠤᠨ ᠬᠤᠳᠠ ᠬᠠᠮᠳᠤ ᠪᠠᠷ ︽ᠰᠤᠶᠤᠯ ᠢᠶᠠᠨ ᠭᠠᠶᠢᠬᠠᠭᠤᠯᠵᠤ︾᠂ ᠲᠡᠯᠡᠭᠡᠢ ᠶᠢᠨ ᠪᠤᠯᠪᠠᠰᠤᠨ ᠤ ︽ᠳ᠋ᠠ ᠭᠤᠸᠠᠨ | ᠶᠤᠸᠠᠨ ᠴᠡᠴᠡᠷᠯᠢᠭ︾ ᠤᠨ ᠦᠵᠡᠮᠵᠢ ᠶᠢ ᠢᠯᠡᠷᠡᠬᠦᠯᠪᠡ᠃ ᠰᠤᠶᠤᠯ ᠤᠨ ᠠᠵᠤ ᠦᠢᠯᠡᠰ ᠤᠨ ᠦᠵᠡᠰᠬᠦᠯᠡᠩ ᠪᠠ | ᠠᠷᠠᠯᠵᠢᠶᠠᠨ ᠤ ᠴᠤᠬᠯᠠᠭᠠᠨ ᠨᠢ ᠪᠦᠬᠦ ᠪᠦᠮᠪᠦᠷᠴᠡᠭ᠂ ᠪᠦᠬᠦ ᠤᠯᠤᠰ ᠤᠨ ᠰᠤᠶᠤᠯ ᠤᠨ ᠠᠵᠤ ᠦᠢᠯᠡᠰ ᠤᠨ ᠬᠦᠭᠵᠢᠯᠳᠠ ᠶᠢᠨ | ᠬᠠᠨᠳᠤᠰᠢ ᠶᠢ ᠪᠠᠷᠠᠯᠠᠬᠤ ᠴᠤᠩᠬᠤᠪᠴᠢ ᠶᠢ ᠨᠡᠭᠡᠭᠡᠭᠰᠡᠨ ᠪᠦᠭᠡᠳ ᠪᠠᠰᠠ ᠦᠪᠤᠷ ᠮᠤᠩᠭᠤᠯ ᠤᠨ ᠰᠤᠶᠤᠯ ᠤᠨ ᠤᠬᠢ ᠰᠤᠳᠤ ᠶᠢ | ᠢᠯᠡᠷᠡᠬᠦᠯᠤᠨ ᠲᠠᠮᠵᠢᠭᠤᠯᠬᠤ ᠡᠬᠦᠳᠠ ᠶᠢ ᠨᠡᠭᠡᠭᠡᠪᠡ᠃ ᠰᠤᠶᠤᠯ ᠤᠨ ᠠᠵᠤ ᠦᠢᠯᠡᠰ ᠤᠨ ᠦᠵᠡᠰᠬᠦᠯᠡᠩ ᠪᠠ ᠠᠷᠠᠯᠵᠢᠶᠠᠨ ᠤ | ᠴᠤᠬᠯᠠᠭᠠᠨ ᠢᠶᠠᠷ ᠲᠠᠮᠵᠢᠭᠤᠯᠵᠤ᠂ ᠰᠤᠶᠤᠯ ᠤᠨ ᠠᠵᠤ ᠦᠢᠯᠡᠰ ᠤᠨ ᠦᠵᠡᠰᠬᠦᠯᠡᠩ ᠪᠠ ᠠᠷᠠᠯᠵᠢᠶᠠᠨ ᠤ ᠴᠤᠬᠯᠠᠭᠠᠨ ᠳᠤ | ᠰᠠᠭᠤᠷᠢᠯᠠᠵᠤ᠂ ᠦᠪᠤᠷ ᠮᠤᠩᠭᠤᠯ ᠤᠨ ᠭᠠᠶᠢᠬᠠᠮᠰᠢᠬᠳᠤ ᠦᠯᠢᠭᠡᠷ ᠢ ᠲᠦᠷᠪᠡᠨ ᠵᠦᠭ ᠨᠠᠢᠮᠡᠨ ᠵᠤᠪᠬᠢᠰ ᠲᠤ ᠲᠠᠮᠵᠢᠭᠤᠯᠵᠤ᠂ | ︽ᠦᠪᠡᠷ ᠢ ᠪᠠᠨ ᠪᠠᠭ᠋ᠠᠷᠬᠠᠵᠤ᠂ ᠪᠤᠰᠤᠳ ᠤᠨ ᠰᠠᠶᠢᠨ ᠰᠠᠶᠢᠬᠠᠨ ᠢ ᠪᠠᠭ᠋ᠠᠷᠬᠠᠵᠤ᠂ ᠪᠦᠬᠦᠳᠡ ᠤᠯᠠᠨ ᠢᠶᠠᠷ ᠢᠶᠠᠨ ᠡᠶᠡ ᠨᠠᠶᠢᠷᠲᠠᠢ | ᠰᠠᠶᠢᠨ ᠰᠠᠶᠢᠬᠠᠨ ᠬᠠᠮᠲᠤ ᠤᠷᠤᠰᠢᠬᠰᠠᠨ︾ ᠬᠦᠮᠦᠰ ᠤᠨ ᠰᠡᠳᠬᠢᠯ ᠢ ᠬᠦᠳᠡᠯᠭᠡᠮᠡ ᠢᠷᠠᠭᠤ ᠲᠤᠤᠯᠢᠰ ᠢ ᠲᠠᠶᠠᠩ ᠲᠡᠯᠡᠭᠡᠢ ᠳᠤ | ᠲᠠᠭᠤᠷᠢᠰᠤᠭᠤᠯᠬᠤ ᠶᠢᠨ ᠵᠡᠷᠭᠡ ᠪᠠᠷ ᠪᠠᠰᠠ ᠮᠠᠨ ᠤ ᠤᠷᠤᠨ ᠤ ᠰᠤᠶᠤᠯ ᠤᠨ ᠨᠦᠯᠦᠭᠡᠯᠡᠬᠦ ᠬᠦᠴᠦᠨ ᠪᠠ ᠲᠠᠮᠵᠢᠭᠤᠯᠬᠤ ᠬᠦᠴᠦᠨ ᠢ | ᠤᠯᠠᠮ ᠨᠢᠭᠡ ᠠᠯᠬᠤᠮ ᠲᠡᠭᠡᠭᠰᠢᠯᠡᠬᠦᠯᠵᠤ᠂ ᠰᠤᠶᠤᠯ ᠤᠨ ᠠᠵᠤ ᠦᠢᠯᠡᠰ ᠤᠨ ᠬᠦᠭᠵᠢᠯᠳᠠ ᠶᠢᠨ ᠬᠠᠮᠳᠤ ᠪᠠᠷ ᠵᠦᠪᠳᠡᠯᠴᠡᠬᠦ᠂ | ᠬᠠᠮᠳᠤ ᠪᠠᠷ ᠪᠦᠳᠦᠭᠡᠨ ᠪᠠᠶᠢᠭᠤᠯᠬᠤ᠂ ᠬᠠᠮᠳᠤ ᠪᠠᠷ ᠡᠳ᠋ᠯᠡᠬᠦ ᠶᠢ ᠠᠬᠢᠭᠤᠯᠬᠤ ᠪᠤᠯᠤᠨᠡ᠃ | ᠬᠢᠳᠡᠳᠴᠢ ᠰᠤᠳᠤᠯᠤᠯ ᠤᠨ ᠭᠠᠷᠮᠠᠭᠠᠢ ᠴᠢᠳᠠᠪᠤᠷᠢᠳᠠᠨ ᠷᠤᠤ ᠽᠦᠩ ᠢ ᠠᠪᠤᠭᠠᠢ᠄ ︽ᠮᠠᠨ ᠤ ᠢᠷᠡᠭᠡᠳᠦᠢ ᠡᠬᠦᠷᠢᠳᠠ | ᠦᠴᠦᠭᠡᠳᠦᠷ ᠪᠠ ᠦᠨᠦᠳᠦᠷ ᠤᠨ ᠲᠠᠪᠬᠤᠷᠳᠠᠯ ᠪᠠ ᠬᠤᠷᠠᠮᠳᠤᠯ ᠢ ᠠᠭᠤᠯᠵᠤ ᠪᠠᠶᠢᠳᠠᠭ︾ ᠭᠡᠵᠤ ᠢᠯᠡᠳᠭᠡᠵᠤ ᠦᠡᠭᠭᠡᠷᠡᠪᠡ᠃ | ᠦᠡᠭᠭᠡᠷᠡᠭᠰᠡᠨ ᠢᠶᠠᠨ ᠡᠷᠬᠢᠴᠡᠬᠦᠯᠬᠦᠶᠡ᠂ ᠦᠡᠭᠭᠡᠷᠡᠭᠰᠡᠨ ᠬᠤᠭᠤᠴᠠᠭᠠᠨ ᠤ ᠰᠤᠶᠤᠯ ᠤᠨ ᠠᠵᠤ ᠦᠢᠯᠡᠰ ᠤᠨ ᠦᠵᠡᠰᠬᠦᠯᠡᠩ ᠪᠠ | ᠠᠷᠠᠯᠵᠢᠶᠠᠨ ᠤ ᠴᠤᠬᠯᠠᠭᠠᠨ ᠤ ᠰᠠᠴᠤᠬᠰᠡᠨ ︽ᠦᠷᠡ︾ ᠮᠠᠨ ᠤ ᠤᠷᠤᠨ ᠳᠤ ᠦᠨᠳᠦᠰᠦᠯᠡᠨ ᠨᠠᠬᠢᠶᠠᠯᠠᠵᠤ᠂ ᠦᠪᠤᠷ | ᠮᠤᠩᠭᠤᠯ ᠤᠨ ᠰᠤᠶᠤᠯ ᠤᠨ ᠠᠵᠤ ᠦᠢᠯᠡᠰ ᠢ ᠦᠳᠳᠡᠷ ᠲᠦᠷᠭᠡᠨ ᠬᠦᠭᠵᠢᠬᠦᠯᠪᠠ᠃ ᠢᠷᠠᠭᠡᠳᠦᠢ ᠪᠠᠨ ᠪᠠᠷᠠᠯᠠᠬᠤᠶᠡ᠂ | ᠰᠤᠶᠤᠯ ᠤᠨ ᠠᠵᠤ ᠦᠢᠯᠡᠰ ᠤᠨ ᠦᠵᠡᠰᠬᠦᠯᠡᠩ ᠪᠠ ᠠᠷᠠᠯᠵᠢᠶᠠᠨ ᠤ ᠴᠤᠬᠯᠠᠭᠠᠨ ᠤ ᠡᠶᠢᠮᠤᠷᠬᠦᠤ ᠨᠢᠭᠡ ᠰᠤᠶᠤᠯ ᠤᠨ ᠠᠵᠤ | ᠦᠢᠯᠡᠰ ᠤᠨ ᠰᠤᠯᠢᠯᠴᠠᠭᠠᠨ ᠤ ᠲᠠᠪᠴᠠᠩ ᠢ ᠰᠠᠶᠢᠳᠤᠷ ᠪᠦᠳᠦᠭᠡᠨ ᠪᠠᠶᠢᠭᠤᠯᠵᠤ᠂ ᠰᠠᠶᠢᠳᠤᠷ ᠬᠠᠮᠠᠭᠠᠯᠠᠵᠤ᠂ ᠰᠠᠶᠢᠳᠤᠷ | ᠠᠰᠢᠬᠯᠠᠵᠤ᠂ ᠨᠡᠩ ᠯᠠᠪᠳᠠᠭᠤᠨ ᠪᠠᠳᠤᠳᠠᠢ ᠪᠦᠭᠡᠳ ᠪᠦᠳᠦᠮᠵᠢᠳᠠᠢ ᠠᠷᠭᠠ ᠬᠡᠮᠵᠢᠶᠡ ᠪᠠᠷ ᠮᠠᠨ ᠤ ᠤᠷᠤᠨ ᠤ ᠰᠤᠶᠤᠯ ᠤᠨ ᠠᠵᠤ | ᠦᠢᠯᠡᠰ ᠢ ᠬᠦᠴᠦᠷᠭᠡᠭᠵᠢᠬᠦᠯᠤᠨ ᠪᠤᠵᠠᠭᠠᠢᠢᠷᠠᠭᠤᠯᠵᠤ᠂ ᠨᠡᠩ ᠴᠢᠨᠠᠷ ᠰᠠᠶᠢᠳᠠᠢ ᠰᠤᠶᠤᠯ ᠤᠨ ᠬᠠᠨᠭ᠍ᠭᠠᠯᠭᠠ ᠪᠠᠷ ᠠᠷᠠᠳ ᠲᠦᠮᠡᠨ ᠤ | ᠰᠠᠶᠢᠨ ᠰᠠᠶᠢᠬᠠᠨ ᠠᠮᠢᠳᠤᠷᠠᠯ ᠤᠨ ᠭᠡᠷᠡᠭᠴᠡᠭᠡ ᠶᠢ ᠬᠠᠨᠭ᠍ᠭᠠᠪᠡᠯ ᠰᠠᠶᠢ ᠰᠢᠨᠡ ᠴᠠᠭ ᠦᠶᠡ ᠶᠢᠨ ᠮᠠᠨ ᠤ ᠤᠷᠤᠨ ᠤ ᠴᠢᠨᠠᠷ ᠰᠠᠶᠢᠳᠠᠢ | ᠬᠦᠭᠵᠢᠯᠳᠠ ᠳᠤ ᠨᠡᠩ ᠦᠨᠳᠦᠰᠦᠨ᠂ ᠨᠡᠩ ᠬᠦᠨᠵᠡᠭᠡᠢ᠂ ᠨᠡᠩ ᠲᠠᠭᠠᠭᠠᠮᠠᠭᠠᠢ ᠬᠦᠴᠦᠨ ᠴᠢᠳᠠᠯ ᠢ ᠨᠢᠬᠳᠠᠷᠠᠭᠤᠯᠵᠤ ᠴᠢᠳᠠᠨᠡ᠃ | ᠲᠤᠰ ᠬᠤᠭᠤᠴᠠᠭᠠᠨ ᠤ ᠰᠤᠶᠤᠯ ᠤᠨ ᠠᠵᠤ ᠦᠢᠯᠡᠰ ᠤᠨ ᠦᠵᠡᠰᠬᠦᠯᠡᠩ ᠪᠠ ᠠᠷᠠᠯᠵᠢᠶᠠᠨ ᠤ ᠴᠤᠬᠯᠠᠭᠠᠨ ᠤ ᠲᠡᠬᠦᠰ | ᠠᠮᠵᠢᠯᠳᠠ ᠶᠢ ᠵᠦᠡᠭᠨᠡᠶᠡ︕ | |