ᠤᠯᠤᠰ ᠳᠠᠶᠠᠭᠠᠷ ᠦᠷᠪᠢᠰᠦᠨ ᠳᠡᠯᠭᠡᠷᠡᠭᠰᠡᠨ ᠠᠶᠤᠯᠳᠦ ᠭᠢᠵᠢᠭ ᠲᠠᠢ ᠳᠠᠶᠢᠯᠠᠯᠳᠤᠭᠰᠠᠨ ᠭᠦᠨᠳᠦ ᠭᠡᠴᠡᠭᠦᠦ ᠴᠠᠭ | ᠦᠶᠠ ᠶᠢ ᠪᠢᠳᠠ ᠳᠤᠭᠤᠯᠵᠤ ᠶᠠᠪᠤᠬᠰᠠᠨ ᠪᠢᠯᠡ᠃ ᠡᠨᠡ ᠪᠤᠯ ᠰᠢᠨᠠ ᠳᠤᠮᠳᠠᠳᠤ ᠤᠯᠤᠰ ᠪᠠᠶᠢᠭᠤᠯᠤᠭᠳᠠᠭᠰᠠᠨ ᠠᠴᠠ ᠨᠠᠭᠠᠰᠢ᠂ | ᠮᠠᠨ ᠤ ᠨᠠᠮ ᠮᠠᠨ ᠤ ᠠᠷᠠᠳ ᠳᠦᠮᠠᠨ ᠳᠤ ᠤᠴᠠᠷᠠᠵᠤ ᠪᠠᠶᠢᠭᠠ ᠬᠠᠮᠤᠭ ᠤᠨ ᠭᠦᠨᠳᠦ ᠬᠠᠯᠳᠠᠪᠤᠷᠢᠳᠦ ᠡᠪᠡᠳᠴᠢᠨ ᠤ ᠭᠠᠮᠰᠢᠭ | ᠪᠤᠯᠤᠨᠠ᠃ ᠡᠨᠡ ᠪᠤᠯ ᠳᠡᠤᠭᠡᠨ ᠳᠤ ᠳᠡᠮᠳᠡᠭᠯᠡᠭᠳᠡᠳᠡᠭ ᠤᠴᠢᠷ᠂ ᠡᠨᠡ ᠪᠦᠭᠦᠨ ᠦᠡᠭᠭᠡᠷᠡᠨ ᠤᠳᠤᠭᠰᠠᠨ ᠬᠤᠶᠢᠨᠠ ᠪᠢᠳᠠ ᠡᠷᠭᠢᠵᠤ | ᠬᠠᠷᠠᠬᠤ ᠳᠤ ᠵᠢᠩᠭᠢᠨᠢ ᠭᠦᠮᠦᠨ ᠴᠢᠨᠠᠷ ᠤᠨ ᠭᠤᠸᠠ ᠰᠠᠶᠢᠬᠠᠨ᠂ ᠳᠦᠷᠦ ᠭᠦᠷᠦᠨ ᠤ ᠠᠤᠭᠠ ᠪᠤᠳᠤᠯᠭᠠ᠂ ᠡᠪ ᠨᠢᠭᠳᠠᠷᠠᠯ ᠤᠨ | ᠠᠭᠤᠤ ᠶᠡᠭᠡ ᠶᠢ ᠮᠡᠳᠡᠷᠡᠭᠦ ᠪᠢᠵᠠ᠃ | ᠨᠢᠭᠡ ᠨᠢ ᠭᠠᠮᠰᠢᠬᠳᠠᠪᠠᠯ ᠨᠡᠶᠢᠳᠡ ᠪᠠᠷ ᠢᠶᠠᠨ ᠲᠤᠰᠠᠯᠠᠨᠠ᠃ ᠬᠤᠪᠸᠢ ᠮᠤᠵᠢ ᠭᠠᠮᠰᠢᠬᠳᠠᠬᠰᠠᠨ ᠤ ᠲᠠᠷᠠᠭᠠ᠂ | ᠦᠪᠦᠷ ᠮᠤᠩᠭᠤᠯ ᠤᠷᠤᠨ᠂ ᠦᠪᠦᠷ ᠮᠤᠩᠭᠤᠯᠴᠤᠳ ᠭᠠᠯ ᠬᠠᠯᠠᠭᠤᠨ ᠲᠤᠰᠠᠯᠠᠮᠵᠢ ᠶᠢᠨ ᠭᠠᠷ ᠢᠶᠠᠨ ᠰᠤᠩᠭᠠᠵᠤ᠂ ᠶᠡᠭᠡ | ᠬᠡᠮᠵᠢᠶᠡᠨ ᠤ ᠡᠳ᠋ ᠪᠤᠳᠠᠰ ᠲᠤᠰᠠᠯᠠᠬᠰᠠᠨ ᠪᠠᠶᠢᠨᠠ᠃ | ᠵᠠᠰᠠᠭ ᠤᠨ ᠤᠷᠳᠤᠨ ᠤ ᠬᠠᠨᠳᠢᠪ ᠳᠤᠰᠠᠯᠠᠮᠵᠢ᠄ | •1 ᠰᠠᠷᠠ ᠶᠢᠨ 26 ᠤ ᠡᠳᠦᠷ᠂ 30 ᠳᠤᠨ ᠢᠳᠡᠰᠢᠨ ᠳᠦᠮᠦᠰᠦ ᠤᠯᠠᠭᠠᠨᠴᠠᠪ ᠬᠤᠳᠠ ᠠᠴᠠ ᠦᠬᠠᠨ ᠬᠤᠳᠠ ᠳᠤ | ᠭᠦᠷᠭᠡᠭᠳᠡᠪᠡ | •2 ᠰᠠᠷᠠ ᠶᠢᠨ 11 ᠤ ᠡᠳᠦᠷ᠂ 200 ᠳᠤᠨ ᠬᠤᠨᠢᠨ ᠮᠢᠬᠠ᠂ 100 ᠳᠤᠨ ᠦᠭᠡᠷ ᠤᠨ ᠮᠢᠬᠠ᠂ 100 ᠳᠤᠨ | ᠭᠠᠭ᠋ᠠᠢ ᠶᠢᠨ ᠮᠢᠬᠠ ᠪᠠ 200 ᠳᠤᠨ ᠦᠨᠢᠶᠠᠨ ᠰᠦ ᠦᠪᠦᠷ ᠮᠤᠩᠭᠤᠯ ᠤᠨ ᠡᠯᠠ ᠠᠶᠢᠮᠠᠭ ᠬᠤᠳᠠ ᠠᠴᠠ ᠳᠤᠰ ᠳᠤᠰ ᠬᠤᠪᠸᠢ | ᠮᠤᠵᠢ ᠳᠤ ᠭᠦᠷᠭᠡᠭᠳᠡᠪᠡ | •2 ᠰᠠᠷᠠ ᠶᠢᠨ 13 ᠤ ᠡᠳᠦᠷ᠂ ᠦᠪᠡᠷᠳᠡᠭᠡᠨ ᠵᠠᠰᠠᠬᠤ ᠤᠷᠤᠨ ᠤ ᠬᠤᠳᠠᠯᠳᠤᠭᠠᠨ ᠤ ᠶᠠᠪᠤᠳᠠᠯ ᠤᠨ ᠳᠢᠩᠭᠢᠮ ᠤᠨ | ᠠᠩᠬᠠᠨ ᠤ ᠪᠦᠯᠦᠭ 1400 ᠵᠢᠩᠰᠢᠯᠢ ᠶᠢᠨ ᠭᠤᠤᠯ ᠤᠨ ᠰᠢᠯᠢᠳᠡᠭ ᠡᠭᠦᠯᠳᠡᠷ ᠤᠨ ᠬᠤᠨᠢᠨ ᠮᠢᠬᠠ᠂ 1000 ᠵᠢᠡᠭᠦᠭᠡᠷ ᠤᠨ | ᠮᠢᠬᠠ᠂ 14 ᠬᠠᠶᠢᠷᠴᠠᠭ 8400 ᠤᠭᠤᠳᠠ ᠨᠤᠨᠳᠠᠭᠯᠠᠭᠰᠠᠨ ᠰᠦ ᠲᠠᠢ ᠴᠠᠢ ᠪᠠ 800 ᠵᠢᠩ ᠬᠠᠳᠠᠭᠠᠭᠰᠠᠨ ᠦᠭᠡᠷ ᠤᠨ | ᠮᠢᠬᠠ ᠬᠤᠶᠢᠨᠠ ᠡᠮᠦᠨᠠ ᠬᠤᠪᠸᠢ ᠮᠤᠵᠢ ᠳᠤ ᠭᠦᠷᠭᠡᠭᠳᠡᠯᠠ | •2 ᠰᠠᠷᠠ ᠶᠢᠨ 14 ᠤ ᠡᠳᠦᠷ᠂ 52.1 ᠳᠤᠨ ᠴᠤᠯᠤ ᠮᠢᠬᠠᠨ ᠤ ᠪᠦᠳᠦᠭᠡᠭᠳᠡᠭᠦᠨ ᠪᠦᠸᠧᠶᠢᠨ 767 —300 | ᠭᠡᠯᠪᠡᠷᠢ ᠶᠢᠨ ᠵᠦᠭᠡᠭᠡᠪᠦᠷᠢ ᠶᠢᠨ ᠨᠢᠰᠭᠡᠯ ᠢᠶᠠᠷ ᠬᠦᠬᠡᠬᠤᠳᠠ ᠠᠴᠠ ᠦᠬᠠᠨ ᠢ ᠵᠤᠷᠢᠵᠤ᠂ ᠡᠭᠦᠨ ᠤ ᠳᠠᠷᠠᠭᠠᠭᠢ ᠭᠠᠷᠠᠭ ᠤᠨ | ᠬᠤᠭᠤᠴᠠᠭᠠᠨ ᠳᠤ ᠪᠠᠰᠠ 350 ᠳᠤᠨ ᠴᠤᠯᠤ ᠮᠢᠬᠠᠨ ᠤ ᠪᠦᠳᠦᠭᠡᠭᠳᠡᠭᠦᠨ ᠦᠬᠠᠨ ᠳᠤ ᠭᠦᠷᠭᠡᠭᠳᠡᠯᠠ | •2 ᠰᠠᠷᠠ ᠶᠢᠨ 17 ᠤ ᠡᠳᠦᠷ᠂ 60 ᠳᠤᠨ ᠳᠦᠮᠦᠰᠦ ᠳᠡᠭᠡᠭᠡᠭᠰᠡᠨ ᠵᠦᠭᠡᠭᠡᠪᠦᠷᠢ ᠶᠢᠨ ᠮᠠᠰᠢᠨ ᠦᠪᠦᠷ | ᠮᠤᠩᠭᠤᠯ ᠤᠨ ᠤᠯᠠᠭᠠᠨᠴᠠᠪ ᠠᠴᠠ ᠮᠤᠷᠳᠠᠨ ᠬᠤᠪᠸᠢ ᠮᠤᠵᠢ ᠶᠢᠨ ᠦᠬᠠᠨ ᠬᠤᠳᠠ ᠶᠢ ᠵᠤᠷᠢᠪᠠ᠃ ᠦᠬᠠᠨ ᠬᠤᠳᠠ ᠶᠢᠨ | ᠠᠮᠢᠳᠤᠷᠠᠯ ᠤᠨ ᠡᠳ᠋ ᠪᠤᠳᠠᠰ ᠤᠨ ᠬᠠᠨᠭ᠍ᠭᠠᠯᠭᠠ ᠶᠢ ᠪᠠᠳᠤᠯᠠᠬᠤ ᠶᠢᠨ ᠳᠦᠯᠦᠭᠡ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ | ᠤᠷᠤᠨ ᠠᠴᠠ ᠬᠤᠳᠠᠯᠳᠤᠭᠠᠨ ᠤ ᠶᠠᠪᠤᠳᠠᠯ ᠤᠨ ᠶᠠᠮᠤᠨ ᠤ ᠱᠠᠭᠠᠷᠳᠠᠯᠭᠠ ᠪᠠᠷ᠂ ᠤᠯᠠᠭᠠᠨᠴᠠᠪ ᠬᠤᠳᠠ ᠠᠴᠠ 2500 ᠳᠤᠨ | ᠰᠢᠯᠢᠳᠡᠭ ᠳᠦᠮᠦᠰᠦ ᠶᠢ ᠪᠠᠴᠢᠮ ᠴᠤᠭᠯᠠᠭᠤᠯᠤᠨ ᠦᠬᠠᠨ ᠳᠤ ᠲᠤᠰᠠᠯᠠᠪᠠ | ᠨᠡᠶᠢᠭᠡᠮ ᠨᠡᠶᠢᠳᠠ ᠶᠢᠨ ᠬᠠᠨᠳᠢᠪ ᠳᠤᠰᠠᠯᠠᠮᠵᠢ᠄ | 3 ᠰᠠᠷᠠ ᠶᠢᠨ ᠡᠭᠢ ᠪᠤᠯᠳᠠᠯᠠ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠯᠠᠭᠠᠨ ᠵᠠᠭᠠᠯᠮᠠᠶᠢᠳᠠᠨ ᠤ | ᠨᠡᠶᠢᠭᠡᠮᠯᠢᠭ ᠤᠷᠢᠳ ᠬᠤᠵᠢᠳ ᠨᠡᠶᠢᠳᠠ 16734 ᠳᠦᠮᠠᠨ ᠳᠦᠭᠦᠷᠢᠭ ᠴᠤᠭᠯᠠᠭᠤᠯᠤᠨ ᠬᠠᠨᠳᠢᠪᠯᠠᠵᠦ᠂ ᠡᠬᠦᠨ ᠳᠤ 7189 | ᠳᠦᠮᠠᠨ ᠳᠦᠭᠦᠷᠢᠭ ᠤᠨ ᠮᠦᠡᠭᠭᠦ ᠪᠠ 9545 ᠳᠦᠮᠠᠨ ᠳᠦᠭᠦᠷᠢᠭ ᠤᠨ ᠡᠳ᠋ ᠪᠤᠳᠠᠰ ᠢ ᠪᠠᠭᠳᠠᠭᠠᠭᠰᠠᠨ ᠪᠠᠶᠢᠨᠠ᠃ | ᠦᠪᠡᠷᠳᠡᠭᠡᠨ ᠵᠠᠰᠠᠬᠤ ᠤᠷᠤᠨ ᠤ ᠡᠯᠠ ᠠᠶᠢᠮᠠᠭ ᠬᠤᠳᠠ ᠶᠢᠨ ᠤᠯᠠᠭᠠᠨ ᠵᠠᠭᠠᠯᠮᠠᠶᠢᠳᠠᠨ ᠤ ᠨᠡᠶᠢᠭᠡᠮᠯᠢᠭ 1288.77 ᠳᠦᠮᠠᠨ | ᠳᠦᠭᠦᠷᠢᠭ ᠤᠨ ᠬᠠᠨᠳᠢᠪ ᠬᠤᠷᠢᠶᠠᠨ ᠤᠯᠵᠤ᠂ 638.57 ᠳᠦᠮᠠᠨ ᠳᠦᠭᠦᠷᠢᠭ ᠢ ᠭᠠᠷᠭᠠᠨ ᠬᠠᠨᠳᠢᠪᠯᠠᠭᠰᠠᠨ ᠡᠳᠡᠭᠡᠳ ᠤᠨ | ᠰᠠᠨᠠᠭᠠ ᠪᠠᠷ ᠬᠤᠪᠸᠢ ᠮᠤᠵᠢ ᠶᠢᠨ ᠭᠢᠵᠢᠭ ᠢ ᠰᠡᠷᠭᠡᠶᠢᠯᠡᠭᠦ ᠡᠮᠦᠨᠠ ᠹᠷᠤᠨᠲ ᠲᠤ ᠭᠢᠵᠢᠭ ᠲᠠᠢ ᠳᠡᠮᠡᠴᠡᠭᠦ ᠠᠪᠤᠷᠠᠯᠳᠠ ᠶᠢᠨ ᠮᠠᠰᠢᠨ | ᠪᠠ ᠡᠮᠨᠡᠯᠭᠡ ᠶᠢᠨ ᠳᠤᠨᠤᠭ ᠳᠦᠭᠦᠭᠡᠷᠦᠮᠵᠢ ᠬᠤᠳᠠᠯᠳᠤᠨ ᠠᠪᠤᠭᠰᠠᠨ ᠪᠠᠶᠢᠨᠠ᠃ | •1 ᠰᠠᠷᠠ ᠶᠢᠨ 20 ᠤ ᠡᠳᠦᠷ᠂ ᠨᠢᠭᠡᠨ ᠡᠭᠡ ᠤᠷᠤᠨᠴᠢ ᠮᠤᠩᠭᠤᠯ ᠰᠡᠭᠡᠭᠡᠳᠠᠨ ᠤ ᠳᠠᠶᠢᠴᠢᠯᠠᠯᠳᠠ ᠪᠡᠷᠶᠠᠫᠤᠨ ᠳᠤ | ᠰᠠᠭᠤᠭᠠ ᠳᠤᠮᠳᠠᠳᠤ ᠶᠢᠨ ᠬᠠᠷᠢᠶᠠᠳᠦ ᠨᠠᠷ ᠤᠨ ᠦᠷᠦᠪᠴᠢᠭᠡᠨ ᠬᠠᠶᠢᠷᠠ ᠶᠢ ᠰᠢᠩᠭᠡᠭᠡᠭᠰᠡᠨ ᠠᠮᠠᠪᠴᠢ᠂ ᠬᠠᠮᠠᠭᠠᠯᠠᠯᠳᠠ ᠶᠢᠨ | ᠬᠤᠪᠴᠠᠰᠦ᠂ ᠠᠷᠢᠭᠤᠳᠬᠠᠬᠤ ᠰᠢᠩᠭᠡᠨ ᠵᠡᠷᠭᠡ 8 ᠳᠤᠨ ᠬᠠᠨᠳᠢᠪ ᠤᠨ ᠪᠤᠳᠠᠰ ᠪᠦᠸᠧ ᠶᠢᠨ 737 —300 ᠳᠤᠰᠬᠠᠢ | ᠨᠢᠰᠭᠡᠯ ᠢᠶᠠᠷ ᠡᠮᠦᠨᠡ ᠹᠷᠤᠨᠲ ᠲᠤ ᠬᠦᠷᠭᠡᠭᠳᠡᠵᠡᠢ | • ᠦᠪᠦᠷ ᠮᠤᠩᠭᠤᠯ ᠤᠨ ᠮᠸᠡᠭ ᠨᠢᠦ ᠪᠦᠯᠦᠭᠯᠡᠯ ᠦᠬᠠᠨ ᠬᠤᠳᠠ ᠶᠢᠨ ᠴᠠᠭᠠᠨ ᠢᠳᠡᠭᠡᠨ ᠤ ᠬᠠᠨᠭ᠍ᠭᠠᠯᠭᠠ ᠶᠢ ᠪᠦᠭᠦ | ᠭᠦᠴᠦᠨ ᠢᠶᠠᠷ ᠪᠠᠳᠤᠯᠠᠵᠤ᠂ ᠴᠠᠭᠠᠨ ᠰᠠᠷᠠ ᠶᠢᠨ ᠰᠢᠨᠠ ᠶᠢᠨ ᠨᠢᠭᠡᠨ ᠤ ᠡᠳᠦᠷ᠂ ᠦᠬᠠᠨ ᠬᠤᠳᠠ ᠳᠤ 2000 ᠳᠦᠮᠠᠨ | ᠳᠦᠭᠦᠷᠢᠭ ᠬᠠᠨᠳᠢᠪᠯᠠᠵᠤ ᠡᠬᠦᠨ ᠳᠤ 1200 ᠳᠦᠮᠠᠨ ᠳᠦᠭᠦᠷᠢᠭ ᠤᠨ ᠪᠡᠯᠡᠨ ᠮᠦᠡᠭᠭᠦ ᠪᠠ 800 ᠳᠦᠮᠠᠨ ᠳᠦᠭᠦᠷᠢᠭ ᠤᠨ | ᠦᠨᠢᠶᠠᠨ ᠰᠦ ᠪᠠᠭᠳᠠᠵᠠᠢ᠃ ᠡᠨᠡ ᠨᠢ ᠮᠸᠡᠭ ᠨᠢᠦ ᠪᠦᠯᠦᠭᠯᠡᠯ 1 ᠰᠠᠷᠠ ᠶᠢᠨ 22 ᠤᠨ ᠡᠳᠦᠷ ᠦᠬᠠᠨ ᠬᠤᠳᠠ ᠶᠢᠨ ᠨᠢᠭᠡᠳᠦᠭᠡᠷ | ᠡᠮᠨᠡᠯᠭᠡ ᠶᠢᠨ ᠬᠤᠷᠢᠶᠠᠨ ᠳᠤ ᠳᠤᠤᠷᠠ ᠬᠠᠯᠠᠭᠤᠨ ᠲᠠᠢ ᠡᠭᠡᠳᠡᠭᠰᠡᠨ ᠰᠦ ᠭᠦᠷᠭᠡᠭᠰᠡᠨ ᠪᠠ 1 ᠰᠠᠷᠠ ᠶᠢᠨ 23 ᠤ ᠡᠳᠦᠷ ᠦᠬᠠᠨ | ᠶᠡᠭᠡ ᠰᠤᠷᠭᠠᠭᠤᠯᠢ ᠶᠢᠨ ᠵᠦᠡᠭ ᠨᠠᠨ ᠡᠮᠨᠡᠯᠭᠡ ᠶᠢᠨ ᠬᠤᠷᠢᠶᠠᠨ ᠳᠤ ᠳᠡᠷᠢᠭᠦᠨ ᠰᠦ ᠬᠠᠨᠳᠢᠪᠯᠠᠭᠰᠠᠨ ᠤ ᠳᠠᠷᠠᠭᠠᠭᠢ ᠭᠤᠷᠪᠠᠳᠡᠭᠢ | ᠬᠠᠨᠳᠢᠪᠯᠠᠯ ᠪᠤᠯᠬᠤ ᠶᠤᠮ | •1 ᠰᠠᠷᠠ ᠶᠢᠨ 25 ᠤ ᠡᠳᠦᠷ᠂ ᠦᠪᠦᠷ ᠮᠤᠩᠭᠤᠯ ᠤᠨ ᠢᠯᠢ ᠪᠦᠯᠦᠭᠯᠡᠯ ᠬᠤᠪᠸᠢ ᠮᠤᠵᠢ ᠶᠢᠨ ᠦᠬᠠᠨ ᠬᠤᠳᠠ ᠳᠤ | ᠡᠯᠡᠰᠦᠨ ᠰᠢᠭᠢᠷᠯᠢᠭ ᠡᠪᠡᠰᠦᠨ ᠡᠮ 1 ᠳ᠋ᠦᠡᠭᠰᠢᠭᠤᠷ ᠰᠢᠷᠭᠡᠭ ᠬᠠᠨᠳᠢᠪᠯᠠᠯᠠ | •1 ᠰᠠᠷᠠ ᠶᠢᠨ 26 ᠤ ᠡᠳᠦᠷ᠂ ᠦᠪᠦᠷ ᠮᠤᠩᠭᠤᠯ ᠤᠨ ᠠᠩᠬᠠᠨ ᠤ ᠪᠦᠯᠦᠭ 30 ᠳᠤᠨ ᠢᠳᠡᠰᠢᠨ ᠳᠦᠮᠦᠰᠦ | ᠤᠯᠠᠭᠠᠨᠴᠠᠪ ᠬᠤᠳᠠ ᠠᠴᠠ ᠬᠤᠶᠠᠷ ᠡᠭᠡᠯᠵᠢ ᠶᠢᠨ ᠭᠠᠯᠳᠦ ᠳᠡᠷᠭᠡ ᠪᠠᠷ ᠦᠬᠠᠨ ᠬᠤᠳᠠ ᠶᠢ ᠳᠤᠰᠠᠯᠠᠬᠤ ᠪᠠᠷ ᠭᠦᠷᠭᠡᠭᠳᠠᠵᠠᠢ | •2 ᠰᠠᠷᠠ ᠶᠢᠨ 1 ᠤ ᠡᠳᠦᠷ᠂ ᠪᠠᠭᠠᠷᠢᠨ ᠪᠠᠷᠠᠭᠤᠨ ᠬᠤᠰᠢᠭᠤᠨ ᠤ ᠵᠢᠷᠭᠠᠯ ᠤᠨ ᠵᠠᠮ ᠰᠤᠮᠤ ᠶᠢᠨ ᠤᠰᠤᠨ ᠡᠭᠢ | ᠭᠠᠴᠠᠭᠠᠨ ᠤ ᠮᠠᠯᠴᠢᠳ ᠨᠡᠶᠢᠳᠠ 24000 ᠭᠠᠷᠤᠢ ᠳᠦᠭᠦᠷᠢᠭ ᠤᠨ ᠬᠠᠨᠳᠢᠪ ᠤᠨ ᠮᠦᠡᠭᠭᠦ ᠴᠤᠭᠯᠠᠭᠤᠯᠤᠨ ᠡᠮᠦᠨᠠ | ᠹᠷᠤᠨᠲ ᠲᠤ ᠭᠦᠷᠭᠡᠭᠰᠡᠨ ᠪᠠᠶᠢᠨᠠ | •2 ᠰᠠᠷᠠ ᠶᠢᠨ 2 ᠤᠨ ᠡᠳᠦᠷ᠂ ᠦᠪᠦᠷ ᠮᠤᠩᠭᠤᠯ ᠤᠨ ᠤᠯᠠᠭᠠᠨᠴᠠᠪ ᠬᠤᠳᠠ ᠶᠢᠨ ᠴᠠᠬᠠᠷ ᠪᠠᠷᠠᠭᠤᠨ ᠭᠠᠷᠤᠨ | ᠳᠤᠮᠳᠠᠳᠤ ᠬᠤᠰᠢᠭᠤᠨ ᠤ ᠬᠤᠶᠠᠳᠤᠭᠠᠷ ᠳᠤᠮᠳᠠᠳᠤ ᠰᠤᠷᠭᠠᠭᠤᠯᠢ ᠶᠢᠨ ᠠᠩᠬᠠ ᠬᠤᠶᠠᠷ ᠤᠨ ᠰᠤᠷᠤᠭᠴᠢ 14 ᠨᠠᠰᠤᠳᠠᠢ | ᠳᠠᠯᠠᠶᠢᠨᠭᠦᠦ ᠦᠪᠡᠷ ᠤᠨ ᠬᠠᠳᠠᠭᠠᠯᠠᠭᠰᠠᠨ 418 ᠳᠦᠭᠦᠷᠢᠭ ᠤᠨ ᠰᠤᠯᠠ ᠵᠠᠷᠤᠬᠤ ᠵᠤᠭᠤᠰ ᠢᠶᠠᠨ ᠴᠠᠬᠠᠷ ᠪᠠᠷᠠᠭᠤᠨ ᠭᠠᠷᠤᠨ | ᠳᠤᠮᠳᠠᠳᠤ ᠬᠤᠰᠢᠭᠤᠨ ᠤ ᠡᠮᠡᠭᠳᠠᠶᠢᠴᠤᠳ ᠭᠡᠤᠭᠡᠳ ᠤᠨ ᠡᠷᠡᠭᠦᠯ ᠬᠠᠮᠠᠭᠠᠯᠠᠯ ᠤᠨ ᠬᠤᠷᠢᠶᠠᠨ ᠤ ᠭᠢᠵᠢᠭ ᠢ ᠰᠠᠷᠭᠡᠶᠢᠯᠡᠨ ᠳᠠᠷᠤᠬᠤ | ᠠᠵᠢᠯ ᠳᠤ ᠤᠷᠤᠯᠴᠠᠵᠤ ᠪᠠᠶᠢᠭᠠ ᠡᠮᠴᠢ ᠰᠤᠪᠢᠯᠠᠭᠴᠢᠳ ᠲᠤ ᠠᠮᠠᠪᠴᠢ ᠠᠪᠤᠭᠠᠷᠠᠢ ᠭᠡᠵᠤ ᠬᠠᠨᠳᠢᠪᠯᠠᠭᠰᠠᠨ ᠪᠠᠶᠢᠨᠠ | •2 ᠰᠠᠷᠠ ᠶᠢᠨ 3 ᠤ ᠡᠳᠦᠷ᠂ 65 ᠨᠠᠰᠤᠳᠠᠢ ᠠᠬᠠᠮᠠᠳ ᠪᠠᠭᠰᠢ ᠳᠠᠯᠠᠨᠳᠠᠢ ᠬᠠᠨᠭ᠍ᠭᠢᠨ ᠬᠤᠰᠢᠭᠤᠨ ᠤ ᠤᠯᠠᠭᠠᠨ | ᠵᠠᠭᠠᠯᠮᠠᠶᠢᠳᠠᠨ ᠤ ᠨᠡᠶᠢᠭᠡᠮᠯᠢᠭ ᠲᠤ 1 ᠳᠦᠮᠠᠨ ᠳᠦᠭᠦᠷᠢᠭ ᠬᠠᠨᠳᠢᠪᠯᠠᠪᠠ | •2 ᠰᠠᠷᠠ ᠶᠢᠨ 6 ᠤ ᠡᠳᠦᠷ᠂ ᠢᠯᠢ ᠪᠦᠯᠦᠭᠯᠡᠯ 60 ᠳᠦᠮᠠᠨ ᠵᠢᠩ ᠰᠢᠯᠢᠳᠡᠭ ᠢᠳᠡᠰᠢᠨ ᠳᠦᠮᠦᠰᠦ ᠬᠠᠨᠳᠢᠪᠯᠠᠨ | ᠳᠤᠰᠠᠯᠠᠯᠠ | •2 ᠰᠠᠷᠠ ᠶᠢᠨ 9 —10 ᠤ ᠡᠳᠦᠷ᠂ ᠦᠪᠦᠷ ᠮᠤᠩᠭᠤᠯ ᠤᠨ ᠭᠦᠭᠡᠬᠤᠳᠠ ᠶᠢᠨ ᠮᠤᠩᠭᠤᠯ ᠬᠤᠳᠠ ᠶᠢᠨ 78 | ᠠᠷᠠᠯᠵᠢᠶᠠᠴᠢᠨ ᠡᠷᠦᠭᠡ ᠬᠠᠮᠳᠤᠷᠠᠨ᠂ ᠨᠡᠶᠢᠳᠠ 4 ᠳᠦᠮᠠ ᠭᠠᠷᠤᠢ ᠳᠦᠭᠦᠷᠢᠭ ᠤᠨ ᠬᠠᠨᠳᠢᠪ ᠴᠤᠭᠯᠠᠭᠤᠯᠵᠤ ᠠᠷᠢᠭᠤᠳᠬᠠᠯ ᠤᠨ | ᠡᠳ᠋ ᠪᠤᠳᠠᠰ ᠬᠤᠳᠠᠯᠳᠤᠨ ᠠᠪᠴᠤ᠂ ᠭᠦᠭᠡᠬᠤᠳᠠ ᠶᠢᠨ ᠭᠢᠵᠢᠭ ᠢ ᠰᠡᠷᠭᠡᠶᠢᠯᠡᠭᠦ ᠨᠢᠭᠡᠳᠦᠭᠡᠷ ᠹᠷᠤᠨᠲ ᠲᠤ ᠠᠵᠢᠯᠯᠠᠵᠤ ᠪᠠᠶᠢᠭᠠ | ᠡᠮᠴᠢ᠂ ᠴᠠᠭᠳᠠᠭᠠ ᠪᠤᠯᠤᠨ ᠴᠡᠪᠡᠷᠯᠡᠭᠴᠢ ᠨᠠᠷ ᠲᠤ ᠭᠦᠷᠭᠡᠵᠠᠢ | •2 ᠰᠠᠷᠠ ᠶᠢᠨ 10 ᠤ ᠡᠳᠦᠷ᠂ ᠤᠷᠳᠤᠰ ᠬᠤᠳᠠ ᠶᠢᠨ ᠨᠢᠭᠡᠨ ᠵᠡᠭᠡᠯᠢ ᠴᠡᠪᠡᠷᠯᠡᠭᠦ ᠠᠵᠢᠯᠳᠠᠨ᠂ ᠭᠢᠵᠢᠭ ᠲᠤ | ᠳᠠᠭᠠᠷᠢᠭᠳᠠᠭᠰᠠᠨ ᠦᠬᠠᠨ ᠬᠤᠳᠠ ᠳᠤ 521 ᠳᠦᠭᠦᠷᠢᠭ ᠤᠨ ᠬᠠᠨᠳᠢᠪ ᠡᠷᠭᠦᠭᠰᠡᠨ ᠪᠠᠶᠢᠨᠠ | •2 ᠰᠠᠷᠠ ᠶᠢᠨ 11 ᠤ ᠡᠳᠦᠷ᠂ ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠ ᠪᠤᠯᠤᠨ ᠦᠪᠦᠷ | ᠮᠤᠩᠭᠤᠯ ᠤᠨ ᠴᠡᠭᠡ ᠶᠢᠨ ᠦᠢᠯᠡᠰ ᠤᠨ ᠭᠢᠵᠠᠭᠠᠷᠳᠦ ᠺᠤᠮᠫᠠᠨᠢ ᠬᠠᠮᠳᠤᠷᠠᠨ ᠦᠪᠦᠷ ᠮᠤᠩᠭᠤᠯ ᠤᠨ ᠤᠯᠠᠨ ᠤᠯᠤᠰ ᠤᠨ ᠮᠤᠩᠭᠤᠯ | ᠡᠮᠨᠡᠯᠭᠡ ᠶᠢᠨ ᠬᠤᠷᠢᠶᠠ᠂ ᠭᠦᠭᠡᠬᠤᠳᠠ ᠶᠢᠨ ᠮᠤᠩᠭᠤᠯ ᠭᠢᠳᠠᠳ ᠡᠮᠨᠡᠯᠭᠡ ᠶᠢᠨ ᠬᠤᠷᠢᠶᠠ ᠵᠡᠷᠭᠡ 10 ᠰᠢᠬᠠᠭᠤ ᠡᠮᠨᠡᠯᠭᠡ ᠶᠢᠨ | ᠬᠤᠷᠢᠶᠠᠨ ᠤ ᠡᠮᠴᠢ ᠰᠤᠪᠢᠯᠠᠭᠴᠢᠳ ᠲᠤ 80 ᠭᠠᠷᠤᠢ ᠬᠠᠶᠢᠷᠴᠠᠭ ᠴᠡᠭᠡ ᠬᠠᠨᠳᠢᠪᠯᠠᠭᠰᠠᠨ ᠪᠠ ᠬᠤᠪᠸᠢ ᠮᠤᠵᠢ ᠶᠢᠨ ᠵᠢᠩ ᠮᠸᠡ | ᠪᠤᠯᠤᠨ ᠦᠬᠠᠨ ᠤ ᠨᠢᠭᠡᠳᠦᠭᠡᠷ ᠹᠷᠤᠨᠲ ᠲᠤ ᠠᠵᠢᠯᠯᠠᠵᠤ ᠪᠠᠶᠢᠭᠠ ᠡᠮᠴᠢ ᠠᠵᠢᠯᠳᠠᠳ ᠲᠤ 40 ᠭᠠᠷᠤᠢ ᠬᠠᠶᠢᠷᠴᠠᠭ ᠴᠡᠭᠡ | ᠭᠦᠷᠭᠡᠭᠰᠡᠨ ᠪᠠᠶᠢᠨᠠ | •2 ᠰᠠᠷᠡ ᠶᠢᠨ 14 ᠤ ᠡᠳᠦᠷ᠂ ᠤᠯᠠᠭᠠᠨᠴᠠᠪ ᠬᠤᠳᠠ ᠶᠢᠨ ᠳᠦᠷᠪᠡᠳ ᠬᠤᠰᠢᠭᠤᠨ ᠤ ᠵᠠᠩᠭᠠᠨ ᠰᠤᠮᠤ ᠶᠢᠨ | ᠮᠠᠯᠴᠢᠳ 11.8 ᠳᠦᠮᠠᠨ ᠳᠦᠭᠦᠷᠢᠭ ᠴᠤᠭᠯᠠᠭᠤᠯᠤᠨ ᠭᠢᠵᠢᠭ ᠢ ᠰᠡᠷᠭᠡᠶᠢᠯᠡᠭᠦ ᠡᠮᠦᠨᠠ ᠹᠷᠤᠨᠲ ᠲᠤ ᠳᠤᠰᠠᠯᠠᠵᠠᠢ | •2 ᠰᠠᠷᠠ ᠶᠢᠨ 14 ᠤ ᠡᠳᠦᠷ᠂ ᠱᠠᠩᠬᠠᠢ ᠶᠢᠨ ᠭᠤᠷᠪᠠᠨ ᠮᠢᠩᠭᠠᠨ ᠦᠨᠦᠴᠢᠨ ᠭᠡᠤᠭᠡᠳ ᠤᠨ ᠬᠤᠯᠪᠤᠭᠠᠨ ᠤ ᠬᠢᠨ ᠤ | 92 ᠭᠦᠮᠦᠨ 15400 ᠳᠦᠭᠦᠷᠢᠭ ᠴᠤᠭᠯᠠᠭᠤᠯᠤᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠯᠠᠭᠠᠨ | ᠵᠠᠭᠠᠯᠮᠠᠶᠢᠳᠠᠨ ᠤ ᠨᠡᠶᠢᠭᠡᠮᠯᠢᠭ ᠲᠤ ᠬᠠᠨᠳᠢᠪᠯᠠᠬᠰᠠᠨ ᠪᠠ ᠦᠷᠭᠦᠯᠵᠢᠯᠡᠨ ᠬᠠᠨᠳᠢᠪ ᠴᠤᠭᠯᠠᠭᠤᠯᠵᠤ ᠪᠠᠶᠢᠨᠠ | •2 ᠰᠠᠷᠠ ᠶᠢᠨ 16 ᠤ ᠡᠳᠦᠷ᠂ ᠤᠯᠠᠭᠠᠨᠴᠠᠪ ᠬᠤᠳᠠ ᠶᠢᠨ ᠴᠠᠬᠠᠷ ᠪᠠᠷᠠᠭᠤᠨ ᠭᠠᠷᠤᠨ ᠬᠤᠶᠢᠳᠦ ᠬᠤᠰᠢᠭᠤᠨ ᠤ | ᠪᠠᠶᠠᠨᠴᠠᠭᠠᠨ ᠪᠠᠯᠭᠠᠰᠤᠨ ᠤ ᠪᠠᠶᠠᠨᠨᠠᠭᠤᠷ ᠭᠠᠴᠠᠭᠠᠨ ᠤ ᠮᠠᠯᠴᠢᠳ 5055 ᠳᠦᠭᠦᠷᠢᠭ ᠴᠤᠭᠯᠠᠭᠤᠯᠵᠤ ᠭᠢᠵᠢᠭ ᠢ ᠰᠡᠷᠭᠡᠶᠢᠯᠡᠭᠦ | ᠡᠮᠦᠨᠠ ᠹᠷᠤᠨᠲ ᠲᠤ ᠳᠤᠰᠠᠯᠠᠵᠠᠢ | •2 ᠰᠠᠷᠠ ᠶᠢᠨ 17 ᠤ ᠡᠳᠦᠷ᠂ ᠳᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠮᠠᠨᠳᠤᠯ ᠪᠠᠯᠭᠠᠰᠤᠨ ᠤ | ᠪᠠᠶᠠᠨᠬᠠᠷᠠ᠂ ᠡᠷᠳᠡᠨᠢᠡᠤᠪᠤᠭᠠ ᠬᠤᠶᠠᠷ ᠭᠠᠴᠠᠭᠠᠨ ᠤ ᠮᠠᠯᠴᠢᠳ ᠤᠨ ᠬᠠᠨᠳᠢᠪᠯᠠᠭᠰᠠᠨ 700 ᠵᠢᠩ ᠰᠠᠶᠢᠬᠠᠨᠭᠤᠪᠢ ᠳᠡᠮᠳᠡᠭᠳᠦ | ᠨᠤᠳᠤᠭ ᠤᠨ ᠬᠤᠨᠢᠨ ᠮᠢᠬᠠ ᠦᠬᠠᠨ ᠢ ᠵᠤᠷᠢᠵᠠᠢ | •2 ᠰᠠᠷᠠ ᠶᠢᠨ 17 ᠤ ᠡᠳᠦᠷ᠂ ᠰᠢᠯᠢ ᠶᠢᠨ ᠭᠤᠤᠯ ᠠᠶᠢᠮᠠᠭ ᠤᠨ ᠠᠪᠠᠭᠠ ᠬᠤᠰᠢᠭᠤᠨ ᠤ ᠬᠤᠨᠭ᠍ᠭᠤᠷᠭᠤᠤᠯ | ᠪᠠᠯᠭᠠᠰᠤᠨ ᠤ ᠭᠠᠨᠭ᠍ᠭᠠᠡᠭᠰᠢᠯᠢ ᠭᠠᠴᠠᠭᠠ ᠨᠢ ᠭᠠᠴᠠᠭᠠᠨ ᠤ ᠬᠤᠷᠠᠮᠳᠤᠭᠤᠯᠭᠠ ᠶᠢᠨ ᠮᠦᠡᠭᠭᠦᠨ ᠠᠴᠠ ᠪᠠᠨ 50 ᠳᠦᠮᠠᠨ ᠳᠦᠭᠦᠷᠢᠭ | ᠭᠠᠷᠭᠠᠨ ᠭᠢᠵᠢᠭ ᠤᠨ ᠡᠮᠦᠨᠠ ᠹᠷᠤᠨᠲ ᠲᠤ ᠬᠠᠨᠳᠢᠪᠯᠠᠯᠠ | •2 ᠰᠠᠷᠠ ᠶᠢᠨ 28 ᠤ ᠡᠳᠦᠷ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠠᠴᠠ ᠠᠵᠢᠯ ᠳᠦᠷᠦᠯ ᠢᠶᠠᠷ | ᠳᠤᠰᠠᠯᠠᠬᠤ ᠬᠤᠳᠠ ᠪᠤᠯᠬᠤ ᠵᠢᠩᠮᠸᠡ ᠬᠤᠳᠠ ᠳᠤ ᠡᠮ ᠡᠮᠨᠡᠯᠭᠡ ᠶᠢᠨ ᠡᠳ᠋ ᠪᠤᠳᠠᠰ ᠪᠠ ᠠᠮᠢᠳᠤᠷᠠᠯ ᠤᠨ ᠡᠳ᠋ ᠪᠤᠳᠠᠰ ᠬᠦᠷᠭᠡᠨ | ᠤᠴᠢᠪᠠ᠃ ᠡᠭᠦᠨ ᠳᠤ᠂ 150 ᠳᠦᠮᠠᠨ ᠳᠦᠭᠦᠷᠢᠭ ᠤᠨ ᠦᠷᠳᠡᠭ ᠪᠦᠭᠦᠢ ᠰᠢᠯᠵᠢᠮᠡᠯ ᠭᠡᠯᠪᠡᠷᠢ ᠶᠢᠨ ᠡᠪᠡᠳᠴᠢᠳᠠᠨ ᠤ | ᠳᠠᠰᠤᠭ ᠢ ᠪᠠᠶᠢᠴᠠᠭᠠᠬᠤ ᠰᠢᠰᠲᠧᠮ᠂ 1 ᠳᠦᠮᠠᠨ ᠢᠵᠢ ᠭᠠᠭᠴᠠ ᠤᠳᠠᠭᠠ ᠵᠠᠷᠤᠬᠤ ᠡᠮᠴᠢᠯᠡᠭᠡᠨ ᠤ ᠬᠠᠮᠠᠭᠠᠯᠠᠯᠳᠠ ᠶᠢᠨ | ᠬᠤᠪᠴᠠᠰᠤ᠂ 1 ᠳᠦᠮᠠᠨ N95 ᠠᠮᠠᠪᠴᠢ᠂ ᠮᠠᠰᠠ ᠵᠠᠰᠠᠯ ᠳᠤ ᠭᠡᠷᠡᠭᠯᠡᠭᠦ 1 ᠳᠦᠮᠠᠨ ᠬᠤᠪᠢ ᠭᠠᠭᠴᠠ ᠤᠳᠠᠭᠠ ᠵᠠᠷᠤᠳᠠᠭ | ᠭᠠᠳᠠᠷ ᠰᠠᠯᠠᠭᠠᠨ ᠤ ᠠᠮᠠᠪᠴᠢ᠂ 2 ᠳᠦᠮᠠᠨ ᠬᠤᠪᠢ ᠭᠠᠭᠴᠠ ᠤᠳᠠᠭᠠ ᠵᠠᠷᠤᠳᠠᠭ ᠡᠮᠨᠡᠯᠭᠡ ᠳᠤ ᠭᠡᠷᠡᠭᠯᠡᠳᠡᠭ ᠠᠮᠠᠪᠴᠢ᠂ 1 | ᠳᠦᠮᠠᠨ ᠬᠤᠪᠢ ᠭᠠᠭᠴᠠ ᠤᠳᠠᠭᠠ ᠵᠠᠷᠤᠳᠠᠭ ᠴᠡᠪᠡᠤᠯᠢᠭ ᠪᠡᠭᠡᠯᠡᠢ᠂ 3600 ᠯᠤᠩᠬᠤ ᠪᠠᠺᠲᠧᠷᠢ ᠳᠠᠷᠤᠬᠤ ᠭᠠᠷ ᠤᠭᠢᠶᠠᠬᠤ | ᠰᠢᠩᠭᠡᠨ᠂ 3000 ᠨᠢᠳᠦ ᠬᠠᠮᠠᠭᠠᠯᠠᠬᠤ ᠰᠢᠯ᠂ ᠡᠮᠨᠡᠯᠭᠡ ᠳᠤ ᠭᠡᠷᠡᠭᠯᠡᠭᠦ ᠱᠠᠬᠠᠢ ᠶᠢᠨ ᠤᠬᠯᠤᠭᠤᠷ 3000 ᠬᠤᠪᠢ ᠪᠠᠭᠳᠠᠵᠠᠢ᠃ | ᠠᠮᠢᠳᠤᠷᠠᠯ ᠤᠨ ᠡᠳ᠋ ᠪᠤᠳᠠᠰ ᠲᠤ ᠦᠭᠡᠷ ᠬᠤᠨᠢᠨ ᠤ ᠮᠢᠬᠠ ᠳᠤᠰ ᠳᠤᠰ 3 ᠳᠤᠨ︔ ᠡᠭᠡᠳᠡᠭᠰᠡᠨ ᠰᠦ᠂ ᠰᠦᠨ ᠳᠠᠯᠬᠠ ᠵᠢᠴᠢ | ᠴᠠᠭᠠᠨ ᠢᠳᠡᠭᠡᠨ ᠤ ᠦᠷᠳᠡᠭ ᠪᠠᠷᠤᠭ ᠳᠦᠮᠠᠨ ᠳᠦᠭᠦᠷᠢᠭ ᠤᠨ ᠡᠳ᠋ ᠪᠤᠳᠠᠰ ᠪᠠᠭᠳᠠᠭᠰᠠᠨ ᠪᠠᠶᠢᠨᠠ | •3 ᠰᠠᠷᠠ ᠶᠢᠨ 4 ᠤ ᠡᠳᠦᠷ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠳᠦ ᠳᠤᠮᠳᠠᠳᠤ | ᠰᠤᠷᠭᠠᠭᠤᠯᠢ ᠶᠢᠨ ᠰᠤᠷᠤᠭᠴᠢ ᠨᠠᠭᠢᠶᠠ ᠬᠤᠪᠢ ᠪᠠᠷ ᠢᠶᠠᠨ 5 ᠳᠦᠮᠠᠨ ᠳᠦᠭᠦᠷᠢᠭ ᠤᠨ ᠪᠡᠯᠡ ᠮᠦᠡᠭᠭᠦ ᠭᠠᠷᠭᠠᠵᠤ ᠡᠮᠦᠨᠠ | ᠹᠷᠤᠨᠲ ᠲᠤ ᠳᠤᠰᠠᠯᠠᠬᠤ ᠡᠳ᠋ ᠪᠤᠳᠠᠰ ᠠᠪᠴᠦ ᠭᠦᠷᠭᠡᠭᠰᠡᠨ ᠪᠠᠶᠢᠨᠠ | •3 ᠰᠠᠷᠠ ᠶᠢᠨ 8 ᠤ ᠡᠳᠦᠷ᠂ ᠦᠪᠡᠷᠳᠡᠭᠡᠨ ᠵᠠᠰᠠᠬᠤ ᠤᠷᠤᠨ ᠤ ᠠᠯᠠᠱᠠ ᠳᠤ ᠰᠠᠭᠤᠭᠠ ᠠᠭᠠᠷ ᠤᠨ ᠴᠡᠷᠢᠭ ᠤᠨ | ᠰᠠᠭᠤᠷᠢᠨ ᠭᠠᠵᠠᠷ ᠪᠠ ᠳ᠋ᠦᠡᠭ ᠹᠸᠡᠭ ᠠᠭᠠᠷ ᠠᠶᠠᠯᠠᠯ ᠤᠨ ᠬᠤᠳᠠ ᠠᠴᠠ ᠡᠮᠨᠡᠯᠭᠡ ᠳᠤ ᠭᠡᠷᠡᠭᠯᠡᠭᠦ ᠠᠮᠠᠪᠴᠢ᠂ ᠬᠠᠮᠠᠭᠠᠯᠠᠯᠳᠠ ᠶᠢᠨ | ᠬᠤᠪᠴᠠᠰᠦ᠂ ᠨᠢᠳᠦ ᠬᠠᠮᠠᠭᠠᠯᠠᠬᠤ ᠰᠢᠯ᠂ N95 ᠠᠮᠠᠪᠴᠢ ᠵᠡᠷᠭᠡ ᠨᠡᠶᠢᠳᠠ 208 ᠳᠦᠮᠠᠨ ᠳᠦᠭᠦᠷᠢᠭ ᠤᠨ ᠡᠳ᠋ ᠪᠤᠳᠠᠰ | ᠬᠠᠨᠳᠢᠪᠯᠠᠭᠰᠠᠨ ᠪᠠᠶᠢᠨᠠ | • ᠶᠠᠫᠤᠨ ᠳᠤ ᠪᠠᠶᠢᠭᠠ MG ᠤᠯᠠᠨ ᠤᠯᠤᠰ ᠤᠨ ᠠᠷᠠᠯᠵᠢᠶᠠᠨ ᠤ ᠺᠤᠮᠫᠠᠨᠢ ᠶᠢᠨ ᠮᠤᠩᠭᠤᠯ ᠵᠠᠯᠠᠭᠤᠴᠤᠳ ᠴᠠᠭᠠᠨ | ᠰᠠᠷᠠ ᠠᠴᠠ ᠨᠠᠭᠠᠰᠢ᠂ ᠨᠢᠭᠡᠳᠦᠭᠡᠷ ᠪᠦᠯᠦᠭ ᠲᠤ 10 ᠳᠦᠮᠠᠨ ᠠᠮᠠᠪᠴᠢ᠂ ᠬᠤᠶᠠᠳᠤᠭᠠᠷ ᠪᠦᠯᠦᠭ ᠲᠤ 30 ᠳᠦᠮᠠᠨ ᠠᠮᠠᠪᠴᠢ᠂ | ᠭᠤᠷᠪᠠᠳᠤᠭᠠᠷ ᠪᠦᠯᠦᠭ ᠲᠤ 10 ᠳᠦᠮᠠ 8000 ᠠᠮᠠᠪᠴᠢ ᠶᠢ ᠰᠢᠭᠤᠳ ᠭᠢᠵᠢᠭ ᠤᠨ ᠡᠮᠦᠨᠠ ᠹᠷᠦᠨᠲ ᠲᠤ ᠭᠦᠷᠭᠡᠭᠰᠡᠨ | ᠪᠠᠶᠢᠨᠠ | • ᠡᠭᠦᠨ ᠠᠴᠠ ᠭᠠᠳᠠᠨᠠ᠂ ᠭᠠᠳᠠᠭᠠᠳᠦ ᠳᠤ ᠰᠠᠭᠤᠭᠠ ᠦᠪᠦᠷ ᠮᠤᠩᠭᠤᠯᠴᠤᠳ ᠰᠢᠨᠠ ᠳᠢᠳᠢᠮᠯᠢᠭ ᠠᠭᠤᠰᠭᠢᠨ | ᠦᠷᠪᠢᠰᠦᠯ ᠤᠨ ᠭᠢᠵᠢᠭ ᠳᠡᠯᠭᠡᠷᠡᠭᠰᠡᠨ ᠠᠴᠠ ᠨᠠᠭᠠᠰᠢ ᠡᠳ᠋ ᠪᠤᠳᠠᠰ ᠪᠠ ᠵᠤᠭᠤᠰ ᠮᠦᠡᠭᠭᠦ ᠵᠠᠯᠭᠠᠪᠠᠷ ᠬᠠᠨᠳᠢᠪᠯᠠᠭᠰᠠᠭᠠᠷ ᠢᠷᠡᠵᠠᠢ᠃ | ᠳᠠᠳᠠᠨ ᠤ ᠤᠯᠠᠩᠭᠢ ᠨᠢ ᠺᠠᠨᠠᠳᠠ᠂ ᠠᠦ᠋ᠰᠳ᠋ᠷᠠᠯᠢᠶᠠ᠂ ᠠᠮᠧᠷᠢᠺᠠ᠂ ᠶᠠᠫᠤᠨ᠂ ᠤᠷᠤᠰ᠂ ᠰᠢᠨᠠ ᠽᠧᠯᠠᠨᠳ᠋᠂ ᠮᠧᠺᠰᠢᠺᠦ ᠪᠠ ᠮᠤᠩᠭᠤᠯ | ᠤᠯᠤᠰ ᠵᠡᠷᠭᠡ ᠤᠯᠤᠰ ᠤᠷᠤᠨ ᠳᠤ ᠰᠠᠭᠤᠭᠠ ᠦᠪᠦᠷ ᠮᠤᠩᠭᠤᠯ ᠤᠨ ᠭᠦᠮᠦᠰ ᠪᠤᠯᠤᠨᠠ | ᠨᠢᠭᠡ ᠨᠢ ᠭᠦᠴᠢᠷᠳᠡᠪᠡᠯ ᠨᠡᠶᠢᠳᠠ ᠪᠠᠷ ᠢᠶᠠᠨ ᠳᠤᠰᠠᠯᠠᠨᠠ ᠭᠡᠳᠡᠭ ᠢᠶᠠᠷ ᠦᠬᠠᠨ ᠬᠤᠳᠠ ᠠᠴᠠ ᠦᠷᠪᠢᠰᠦᠨ | ᠤᠯᠠᠶᠢᠷᠠᠭᠰᠠᠨ ᠭᠢᠵᠢᠭ ᠡᠪᠡᠳᠴᠢᠨ ᠤ ᠡᠮᠦᠨᠠ ᠪᠦᠭᠦ᠋ᠢᠯᠠ ᠳᠤᠮᠳᠠᠳᠦ ᠶᠢᠨ ᠦᠨᠳᠦᠰᠦᠳᠠᠨ ᠭᠦᠳᠡᠯᠦᠯᠴᠠᠯᠠ᠃ ᠵᠦᠭ ᠵᠦᠭ ᠠᠴᠠ | ᠡᠷᠭᠦᠭᠰᠡᠨ ᠬᠠᠨᠳᠢᠪ ᠳᠤᠰᠠᠯᠠᠮᠵᠢ ᠶᠢᠨ ᠭᠠᠷ ᠦᠬᠠᠨ ᠬᠤᠳᠠ ᠶᠢ ᠳᠤᠯᠠᠭᠠᠴᠠᠭᠤᠯᠤᠯᠠ᠃ | 50 ᠵᠢᠯ ᠤᠨ ᠡᠮᠦᠨᠠ᠂ ᠱᠠᠩᠬᠠᠢ ᠶᠢᠨ ᠭᠠᠮᠰᠢᠬᠳᠠᠭᠰᠠᠨ ᠠᠷᠠᠳ ᠤᠨ 3000 ᠢᠯᠡᠭᠦᠦ ᠦᠨᠦᠴᠢᠨ ᠭᠡᠤᠭᠡᠳ ᠢ | ᠡᠷᠡᠭᠡᠯᠵᠡᠯ ᠦᠭᠡᠢ ᠭᠦᠯᠢᠶᠡᠵᠤ ᠠᠪᠤᠭᠰᠠᠨ ᠦᠪᠦᠷ ᠮᠤᠩᠭᠤᠯᠴᠤᠳ ᠦᠨᠦᠳᠦᠷ ᠭᠢᠵᠢᠭ ᠤᠨ ᠭᠠᠮᠰᠢᠬ ᠡᠭᠦᠰᠦᠭᠰᠡᠨ ᠬᠤᠪᠸᠢ | ᠮᠤᠵᠢ᠂ ᠦᠬᠠᠨ ᠬᠤᠳᠠ ᠳᠤ ᠦᠨᠡᠨ ᠵᠢᠷᠦᠭᠡᠨ ᠤ ᠦᠷᠦᠪᠴᠢᠭᠡᠨ ᠬᠠᠶᠢᠷᠠ ᠪᠠᠨ ᠳᠠᠭᠢᠨᠳᠠ ᠶᠡᠭᠦᠯᠡᠯᠠ᠃ | ᠶᠡᠭᠡ ᠬᠠᠶᠢᠷᠠ ᠭᠡᠵᠤ ᠡᠶᠢᠮᠦ ᠯᠠ ᠪᠠᠶᠢᠭᠰᠠᠨ᠃ ᠰᠠᠭᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠶᠡᠷᠦᠩᠭᠡᠢ | ᠱᠦᠵᠢ ᠶᠢᠨ ᠶᠡᠷᠢᠶᠠ ᠶᠢ ᠦᠪᠦᠷ ᠮᠤᠩᠭᠤᠯᠴᠤᠳ ᠡᠶᠢᠨᠭᠦ ᠦᠢᠯᠡ ᠠᠵᠢᠯᠯᠠᠭᠠ ᠪᠠᠷ ᠢᠶᠠᠨ ᠦᠢᠯᠡᠳᠦᠯᠭᠡᠵᠢᠭᠦᠯᠵᠤ ᠪᠠᠶᠢᠨᠠ᠃ | ᠡᠬᠡ ᠪᠢᠴᠢᠭ᠄ ᠭᠦᠨᠪᠢᠯᠢᠭ | ᠹᠢᠯᠢᠮ ᠦᠢᠯᠡᠳᠦᠭᠴᠢ᠄ ᠶᠢᠰᠦᠨᠡ | ᠨᠠᠶᠢᠷᠠᠭᠤᠯᠤᠬᠴᠢ᠄ ᠠᠨᠠᠷ | ᠦᠰᠦᠭ ᠬᠠᠷᠭᠤᠭᠤᠯᠤᠬᠴᠢ᠄ ᠴᠡᠯᠮᠡᠭ | ᠬᠢᠨᠠᠬᠴᠢ᠄ ᠲᠦᠮᠡᠨᠬᠡᠰᠢᠭ ᠦᠯᠵᠡᠶᠢᠪᠤᠶᠠᠨ | ᠶᠡᠷᠦᠩᠬᠡᠢ ᠬᠢᠨᠠᠬᠴᠢ᠄ ᠶᠢᠨ ᠱᠠᠨ ᠳ᠋᠊· ᠪᠤᠯᠤᠳ | |