ᠲᠠᠨᠠᠷ ᠤᠷᠢᠳ ᠢᠶᠠᠷ ᠴᠠᠢ ᠤᠤᠭᠤᠭᠠᠳ ᠵᠢᠭᠠᠬᠠᠨ ᠬᠦᠯᠢᠶᠠᠵᠦ ᠪᠠᠶᠢᠭᠠᠷᠠᠢ︕ ᠪᠢᠳᠡ ᠬᠤᠶᠠᠭᠤᠯᠠ ᠲᠡᠬᠡᠭᠡᠪᠦᠷᠢᠯᠡᠵᠦ | ᠢᠷᠡᠭᠰᠡᠨ ᠬᠢᠮᠢ ᠶᠢᠨ ᠪᠤᠷᠳᠤᠭᠤᠷ ᠢ ᠪᠠᠭᠤᠯᠭᠠᠭᠠᠳ ᠪᠠᠷᠠᠴᠢᠬᠠᠶᠠ ᠬᠡᠵᠥ ᠪᠠᠢ ᠮᠧᠢ ᠬᠤᠧᠨ ᠲᠡᠷᠬᠡᠨ ᠲᠡᠬᠡᠷᠠ ᠵᠤᠭᠰᠤᠵᠦ | ᠤᠭᠤᠳᠠ ᠲᠠᠢ ᠬᠢᠮᠢ ᠶᠢᠨ ᠪᠤᠷᠳᠤᠭᠤᠷ ᠢᠶᠠᠨ ᠲᠤᠷᠤᠭᠰᠢ ᠪᠠᠭᠤᠯᠭᠠᠬᠤ ᠶᠢᠨ ᠲᠠᠭᠠᠤ ᠬᠡᠯᠡᠪᠠ᠃ ᠪᠢᠳᠡᠨ ᠢ ᠬᠦᠷᠴᠦ ᠤᠴᠢᠬᠤ ᠳᠤ | ᠪᠠᠢ ᠮᠧᠢ ᠬᠤᠧᠨ ᠨᠦᠬᠦᠷ ᠭᠡᠷᠭᠡᠢ ᠬᠤᠶᠠᠭᠤᠯᠠ ᠬᠠᠪᠤᠷ ᠤᠨ ᠲᠠᠷᠢᠶᠠᠯᠠᠭᠠ ᠶᠢᠨ ᠡᠳ᠋ ᠬᠡᠷᠡᠭᠰᠡᠯ ᠢᠶᠠᠨ ᠪᠠᠭᠤᠯᠭᠠᠵᠦ ᠪᠠᠶᠢᠬᠰᠠᠨ ᠲᠠᠢ | ᠲᠠᠭᠠᠷᠠᠵᠤ᠂ ᠱᠠᠯᠠᠮᠠᠭ ᠬᠦᠳᠡᠯᠥᠯ ᠪᠠᠷᠢᠯ ᠨᠢ ᠲᠡᠬᠦᠨ ᠤ ᠠᠵᠢᠯᠴᠢ᠂ ᠰᠢᠨᠳᠠᠰᠤ ᠬᠠᠳᠠᠭᠤ ᠬᠡᠳᠡᠭ ᠢ ᠬᠠᠷᠠᠭᠤᠯᠤᠨᠠ᠃ | ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤᠨ ᠤ ᠪᠠᠷᠠᠭᠤᠨ ᠵᠢᠷᠤᠮ ᠪᠠᠯᠭᠠᠰᠤᠨ ᠤ ᠪᠠᠶᠠᠨ ᠦᠨᠳᠦᠷ | ᠭᠠᠴᠠᠭᠠᠨ ᠤ ᠯᠢᠶᠠᠩ ᠴᠠᠩ ᠱᠧᠩ ᠬᠢᠬᠡᠳ ᠲᠡᠬᠦᠨ ᠤ ᠪᠦᠰᠡᠬᠦᠢ ᠪᠠᠢ ᠮᠧᠢ ᠬᠤᠧᠨ ᠲᠤᠰᠬᠤᠨ ᠳᠤ ᠪᠠᠨ ᠨᠡᠷᠡᠳᠡᠢ ᠠᠵᠢᠯᠴᠢ | ᠬᠦᠮᠦᠰ᠃ 2015 ᠤᠨ ᠳᠤ ᠯᠢᠶᠠᠩ ᠴᠠᠩ ᠱᠧᠩ ᠲᠤᠮᠳᠠ ᠴᠢᠮᠦᠬᠡᠨ ᠪᠤᠯᠤᠤ ᠦᠬᠦᠵᠢᠬᠦ ᠡᠪᠡᠳᠴᠢᠨ ᠳᠤ ᠨᠡᠷᠪᠡᠭᠳᠡᠵᠦ᠂ | ᠬᠦᠳᠡᠯᠮᠦᠷᠢᠯᠡᠬᠦ ᠴᠢᠳᠡᠪᠦᠷᠢ ᠪᠠᠨ ᠠᠯᠳᠠᠭᠰᠠᠨ ᠤ ᠲᠡᠬᠡᠷᠠ ᠬᠡᠤᠬᠡᠳ ᠨᠢ ᠲᠤᠮᠳᠠᠳᠤ ᠰᠤᠷᠭᠠᠭᠤᠯᠢ ᠳᠤ ᠰᠤᠷᠤᠯᠴᠠᠵᠦ ᠠᠮᠢᠳᠤᠷᠠᠯ ᠤᠨ | ᠵᠠᠷᠤᠳᠠᠯ ᠨᠢ ᠶᠡᠬᠡᠳᠡᠵᠦ᠂ ᠨᠢᠬᠡ ᠬᠡᠷ ᠤᠨ ᠠᠮᠢᠳᠤᠷᠠᠯ ᠲᠦᠢᠯ ᠤᠨ ᠬᠦᠴᠢᠷᠳᠡᠢ ᠪᠤᠯᠪᠠ᠃ ᠬᠡᠷ ᠤᠨ ᠪᠦᠬᠦ ᠬᠦᠨᠳᠤ ᠲᠠᠷᠤᠭᠠᠰᠤ ᠪᠠᠢ | ᠮᠧᠢ ᠬᠤᠧᠨ ᠶᠢᠨ ᠮᠦᠷᠦ ᠶᠢ ᠢᠪ ᠲᠠᠷᠤᠨ ᠪᠠᠭᠤᠭᠰᠠᠨ ᠴᠤ ᠪᠠᠢ ᠮᠧᠢ ᠬᠤᠧᠨ ᠰᠡᠳᠬᠢᠯ ᠴᠦᠬᠦᠷᠡᠵᠥ ᠬᠤᠶᠢᠰᠢ ᠤᠬᠤᠷᠢᠭᠠ | ᠦᠬᠡᠢ᠂ ᠴᠢᠷᠮᠠᠶᠢᠵᠤ ᠯᠠ ᠪᠠᠶᠢᠪᠠᠯ ᠠᠮᠢᠳᠤᠷᠠᠯ ᠢᠶᠠᠨ ᠦᠬᠡᠳᠡ ᠲᠠᠳᠠᠵᠤ ᠲᠡᠶᠢᠯᠥᠨᠡ ᠬᠡᠵᠥ ᠬᠦᠵᠦᠬᠦᠦ ᠰᠤᠩᠭᠠᠨ ᠵᠢᠳᠬᠦᠵᠥ ᠯᠠ | ᠶᠠᠪᠤᠪᠠ᠃ 2017 ᠤᠨ ᠳᠤ ᠬᠤᠰᠢᠭᠤᠨ ᠤ ᠶᠠᠳᠠᠭᠤ ᠶᠢ ᠲᠡᠳᠬᠦᠬᠦ ᠠᠯᠪᠠᠨ ᠬᠡᠷ ᠠᠴᠠ ᠲᠦᠷᠦᠭᠦᠤ ᠡᠬᠡᠯᠵᠢᠨ ᠤ ᠠᠵᠦ | ᠦᠢᠯᠡᠰ ᠢᠶᠠᠷ ᠲᠡᠳᠬᠦᠬᠦ 28 ᠦᠷᠡᠵᠢᠯ ᠤᠨ ᠬᠤᠨᠢ ᠦᠭᠭᠦᠭᠰᠡᠨ ᠳᠤ᠂ ᠪᠠᠢ ᠮᠧᠢ ᠬᠤᠧᠨ ᠨᠢᠮᠪᠠᠢ ᠠᠷᠠᠴᠢᠯᠠᠵᠦ | ᠲᠤᠳᠤᠮᠳᠠᠬᠤ ᠶᠢᠨ ᠲᠠᠭᠠᠤ ᠨᠢᠬᠡ ᠲᠤᠭᠤᠰᠬᠠ ᠨᠢᠬᠡ ᠸᠠᠭᠠᠷ ᠢᠶᠠᠷ ᠵᠡᠷᠬᠡᠯᠡᠵᠦ ᠪᠠᠶᠢᠭᠠᠳ ᠲᠤᠯᠠᠭᠠᠨ ᠰᠠᠷᠠᠪᠴᠢ ᠪᠤᠰᠬᠠᠭᠰᠠᠨ ᠠᠴᠠ | ᠲᠦᠯ ᠤᠨ ᠤᠨᠳᠤᠷᠤᠯᠳᠠ ᠶᠢᠨ ᠨᠤᠷᠮᠠ 100% ᠳᠤ ᠬᠦᠷᠪᠡ᠃ ᠰᠦᠷᠦᠭ ᠬᠤᠨᠢ ᠠᠮᠢᠳᠤᠷᠠᠯ ᠳᠤ ᠨᠢ ᠶᠡᠬᠡᠬᠡᠨ ᠲᠤᠰᠠ | ᠲᠡᠮᠵᠢᠯᠬᠡ ᠪᠤᠯᠤᠭᠰᠠᠨ ᠢᠶᠠᠷ ᠪᠠᠷᠠᠬᠤ ᠦᠬᠡᠢ ᠪᠠᠢ ᠮᠧᠢ ᠬᠤᠸᠠ ᠶᠢᠨ ᠠᠮᠢᠳᠤᠷᠠᠯ ᠤᠨ ᠢᠳᠡᠬᠡᠯ ᠵᠤᠷᠢᠭ ᠨᠢ ᠬᠦᠪᠴᠢᠯᠡᠭᠳᠡᠵᠥ᠂ | ᠬᠤᠰᠢᠭᠤᠨ ᠤ ᠶᠠᠳᠠᠭᠤ ᠶᠢ ᠲᠡᠳᠬᠦᠬᠦ ᠠᠯᠪᠠᠨ ᠬᠡᠷ ᠤᠨ ᠬᠠᠪᠰᠤᠷᠤᠯᠭᠠ ᠲᠤᠤᠷᠠ ᠤᠳᠠᠯ ᠦᠬᠡᠢ ᠲᠡᠳᠡ ᠰᠠᠷᠠᠭᠤᠯ ᠲᠤᠩᠭᠠᠯᠠᠭ | ᠰᠢᠨᠠ ᠤᠷᠤᠨ ᠰᠠᠭᠤᠴᠡ ᠳᠤ ᠤᠷᠤᠵᠦ ᠰᠠᠭᠤᠵᠠᠢ᠃ ᠲᠠᠩᠰᠠᠯᠠᠵᠦ ᠺᠠᠷᠲᠯᠠᠬᠰᠠᠨ ᠶᠠᠳᠠᠭᠤ ᠬᠦᠴᠢᠷᠳᠡᠯᠳᠡᠢ ᠡᠷᠤᠬᠡ ᠶᠢᠨ | ᠲᠤᠭᠠᠨ ᠳᠤ ᠤᠷᠤᠵᠤ᠂ ᠨᠠᠮ ᠵᠠᠰᠠᠭ ᠠᠴᠠ ᠲᠡᠮᠵᠢᠵᠤ ᠪᠠᠶᠢᠭᠠ ᠴᠤ ᠦᠪᠡᠷ ᠲᠡᠭᠡᠨ ᠢᠯᠡᠭᠦᠤ ᠠᠷᠭᠠ ᠪᠤᠳᠤᠵᠦ ᠡᠷᠳᠡ ᠨᠢᠬᠡ | ᠡᠳᠦᠷ ᠶᠠᠳᠠᠭᠤ ᠠᠴᠠ ᠠᠩᠬᠢᠵᠢᠷᠠᠬᠤ ᠨᠢ ᠴᠢᠬᠤᠯᠠ ᠬᠡᠵᠥ ᠪᠠᠢ ᠮᠧᠢ ᠬᠤᠧᠨ ᠤᠯᠠᠨ ᠵᠢᠯ ᠬᠠᠶᠠᠬᠰᠠᠨ ᠤᠶᠤᠳᠠᠯ ᠤᠶᠤᠬᠤ ᠭᠠᠷ | ᠮᠡᠷᠬᠡᠵᠢᠯ ᠢᠶᠠᠨ ᠰᠠᠨᠠᠭᠠᠨ ᠳᠤ ᠤᠷᠤᠵᠦ᠂ ᠤᠷᠤᠯᠭᠠ ᠪᠠᠨ ᠨᠡᠮᠡᠭᠳᠡᠬᠦᠯᠬᠦ ᠪᠠᠷ ᠵᠤᠷᠢᠭ ᠰᠢᠢᠳᠪᠠ᠃ ᠪᠠᠢ ᠮᠧᠢ ᠬᠤᠧᠨ | ᠲᠠᠷᠢᠶᠠᠯᠠᠩ ᠤᠨ ᠰᠤᠯᠠ ᠰᠠᠯᠡᠬᠦᠤ ᠴᠠᠭ ᠲᠤ ᠬᠤᠪᠴᠠᠰᠤ ᠤᠶᠤᠬᠤ ᠮᠠᠰᠢᠨ ᠢᠶᠠᠷ ᠬᠦᠪᠦᠩ ᠦᠮᠦᠳᠤ ᠤᠶᠤᠵᠦ ᠵᠡᠬᠦᠨ ᠪᠠᠷᠠᠭᠤᠨ | ᠠᠶᠢᠯ ᠳᠤ ᠪᠠᠨ ᠬᠤᠳᠠᠯᠳᠤᠵᠦ᠂ ᠤᠷᠤᠯᠭᠠ ᠪᠠᠨ ᠨᠡᠮᠡᠭᠳᠡᠬᠦᠯᠦᠭᠰᠡᠨ ᠢᠶᠠᠷ ᠪᠠᠷᠠᠬᠤ ᠦᠬᠡᠢ ᠬᠡᠰᠡᠭ ᠬᠦᠮᠦᠰ ᠲᠤ ᠲᠦᠬᠦᠮ | ᠦᠵᠡᠬᠦᠯᠵᠡᠢ᠃ ᠨᠢᠬᠡ ᠬᠦᠪᠦᠩ ᠦᠮᠦᠳᠤ ᠶᠢ 100 ᠲᠦᠭᠦᠷᠢᠭ ᠢᠶᠠᠷ ᠬᠤᠳᠠᠯᠳᠤᠵᠦ ᠪᠠᠶᠢᠨᠠ᠂ ᠨᠢᠬᠡ ᠡᠪᠤᠯ 100 ᠭᠠᠷᠤᠢ | ᠵᠠᠬᠠ ᠬᠦᠪᠦᠩ ᠦᠮᠦᠳᠤ ᠬᠤᠳᠠᠯᠳᠤᠬᠤ ᠲᠤᠯᠠ ᠬᠡᠤᠬᠡᠳ ᠤᠨ ᠰᠤᠷᠤᠯᠭᠠ ᠶᠢᠨ ᠰᠦᠢᠳᠬᠡᠯ ᠲᠤᠰᠢᠶᠠᠬᠤ ᠳᠤ ᠵᠤᠪᠠᠭ᠋ᠤ ᠤᠴᠢᠷ | ᠦᠬᠡᠢ ᠪᠤᠯᠵᠠᠢ ᠬᠡᠵᠦ ᠪᠠᠢ ᠮᠧᠢ ᠬᠤᠧᠨ ᠮᠠᠩᠨᠠᠢ ᠲᠠᠨᠢᠢᠨ ᠪᠠᠶᠠᠷᠯᠠᠨᠠ᠃ | ᠤᠳᠤ ᠯᠢᠶᠠᠩ ᠴᠠᠩ ᠱᠧᠩ ᠤᠨ ᠨᠢᠬᠡ ᠬᠡᠷ ᠠᠯᠢ ᠬᠡᠳᠦ᠋ᠢᠨ ᠶᠠᠳᠠᠭᠤ ᠠᠴᠠ ᠪᠠᠨ ᠠᠩᠬᠢᠵᠢᠷᠠᠵᠦ᠂ ᠬᠠᠪᠰᠤᠷᠤᠨ | ᠲᠡᠳᠬᠦᠭᠰᠡᠨ 28 ᠦᠷᠡᠵᠢᠯ ᠤᠨ ᠬᠤᠨᠢ ᠨᠢ ᠦᠷᠠᠵᠢᠬᠡᠳ 67 ᠪᠤᠯᠵᠤ᠂ ᠦᠬᠡᠷ ᠨᠢ 7 ᠪᠤᠯᠵᠤ᠂ ᠨᠢᠳᠤᠨᠤᠨ ᠤ ᠤᠷᠤᠯᠭᠠ 7 | ᠲᠦᠮᠡᠨ ᠲᠦᠭᠦᠷᠢᠭ ᠲᠤ ᠬᠦᠷᠴᠠᠢ᠃ ᠤᠳᠤ ᠯᠢᠶᠠᠩ ᠴᠠᠩ ᠱᠧᠩ ᠤᠨ ᠲᠡᠵᠢᠬᠡᠪᠦᠷᠢ ᠶᠢᠨ ᠦᠢᠯᠡᠰ ᠬᠢᠬᠡᠳ ᠭᠠᠷ ᠤᠷᠠᠯᠠᠯ ᠤᠨ | ᠦᠢᠯᠡᠰ ᠵᠡᠷᠬᠡ ᠪᠠᠷ ᠬᠦᠭᠵᠢᠵᠦ᠂ ᠬᠡᠷ ᠪᠦᠯᠢ ᠶᠢᠨ ᠤᠷᠤᠯᠭᠠ ᠨᠢ ᠴᠦ ᠵᠢᠯ ᠠᠴᠠ ᠵᠢᠯ ᠨᠡᠮᠡᠭᠳᠡᠵᠦ᠂ ᠠᠮᠢᠳᠤᠷᠠᠯ ᠨᠢ ᠦᠬᠡᠳᠡᠯᠡᠨ | ᠰᠠᠶᠢᠵᠢᠷᠠᠵᠠᠢ᠃ ᠶᠠᠳᠠᠭᠤ ᠡᠷᠤᠬᠡ ᠶᠢᠨ ᠦᠨᠳᠦᠰᠦᠨ ᠡᠮ ᠡᠮᠨᠡᠯᠬᠡ ᠶᠢᠨ ᠪᠠᠳᠤᠯᠠᠭᠠ ᠲᠤᠤᠷᠠ᠂ ᠯᠢᠶᠠᠩ ᠴᠠᠩ ᠱᠧᠩ ᠤᠨ | ᠡᠪᠡᠳᠴᠢᠨ ᠴᠦ ᠠᠭᠠᠵᠢᠮ ᠢᠶᠠᠷ ᠡᠷᠡᠬᠦᠯᠵᠢᠵᠤ᠂ ᠲᠤᠰᠬᠤᠨ ᠤ ᠤᠷᠴᠢᠨ ᠲᠤᠭᠤᠷᠢᠨ ᠤ ᠴᠡᠪᠡᠷᠯᠡᠭᠴᠢ ᠪᠤᠯᠤᠭᠰᠠᠨ ᠠᠴᠠ | ᠤᠷᠤᠯᠭᠠ ᠶᠢᠨ ᠢᠷᠠᠯᠳᠠ ᠨᠢ ᠤᠯᠠᠮ ᠦᠷᠬᠡᠵᠢᠵᠡᠢ᠃ ᠪᠠᠶᠠᠨ ᠦᠨᠳᠦᠷ ᠭᠠᠴᠠᠭᠠᠨ ᠤ 26 ᠶᠠᠳᠠᠭᠤ ᠬᠦᠴᠢᠷᠳᠡᠯᠳᠡᠢ ᠡᠷᠤᠬᠡ | ᠪᠦᠬᠦᠨ ᠢᠶᠠᠷ ᠢᠶᠠᠨ ᠶᠠᠳᠠᠭᠤ ᠠᠴᠠ ᠪᠠᠨ ᠠᠩᠬᠢᠵᠢᠷᠠᠵᠦ᠂ ᠠᠵᠦ ᠦᠢᠯᠡᠰ ᠢᠶᠠᠷ ᠪᠠᠶᠠᠵᠢᠭᠤᠯᠬᠤ ᠲᠦᠷᠦ ᠶᠢᠨ ᠪᠤᠳᠤᠯᠭᠠ ᠶᠢᠨ | ᠲᠠᠭᠠᠭᠤᠯᠭᠠ ᠲᠤᠤᠷᠠ ᠠᠭᠠᠵᠢᠮ ᠢᠶᠠᠷ ᠪᠠᠶᠠᠵᠢᠨ ᠴᠢᠨᠡᠬᠡᠯᠢᠭᠵᠢᠬᠦ ᠬᠠᠷᠭᠤᠢ ᠶᠢ ᠡᠯᠬᠦᠵᠠᠢ᠃ | |