ᠤᠢᠢᠷᠠ ᠶᠢᠨ ᠬᠤᠭᠤᠴᠠᠭᠠᠨ ᠳᠤ᠂ ᠤᠯᠠᠭᠠᠨᠬᠤᠲᠠ ᠶᠢᠨ ᠬᠢᠩᠭᠠᠨ ᠵᠡᠬᠡᠯᠢ ᠭᠤᠲᠤᠮᠵᠢ ᠶᠢᠨ ᠵᠡᠮᠳᠡᠭᠴᠤᠳ ᠤᠨ | ᠬᠤᠯᠪᠤᠭᠠ ᠭᠤᠷᠪᠠᠳᠤᠭᠠᠷ ᠦᠶᠡ ᠶᠢᠨ ᠵᠡᠮᠳᠡᠭᠴᠤᠳ ᠤᠨ ᠦᠨᠡᠮᠯᠡᠯ ᠤᠶᠤᠨᠴᠢᠯᠠᠬᠰᠠᠨ ᠢ ᠰᠤᠯᠢᠵᠦ ᠲᠠᠷᠬᠠᠭᠠᠬᠤ ᠠᠵᠢᠯ ᠢ | ᠯᠠᠪᠳᠠᠭᠤᠨ ᠪᠠᠲᠤᠲᠠᠢ ᠠᠬᠢᠭᠤᠯᠵᠦ ᠪᠤᠢ᠃ | ᠭᠤᠷᠪᠠᠳᠤᠭᠠᠷ ᠦᠶᠡ ᠶᠢᠨ ᠵᠡᠮᠳᠡᠭᠴᠤᠳ ᠤᠨ ᠦᠨᠡᠮᠯᠡᠯ ᠢ ᠰᠤᠯᠢᠵᠦ ᠲᠠᠷᠬᠠᠭᠠᠬᠤ ᠠᠵᠢᠯ ᠤᠨ ᠶᠠᠪᠤᠴᠠ ᠳᠤ᠂ ᠬᠢᠩᠭᠠᠨ | ᠵᠡᠬᠡᠯᠢ ᠭᠤᠲᠤᠮᠵᠢ ᠶᠢᠨ ᠵᠡᠮᠳᠡᠭᠴᠤᠳ ᠤᠨ ᠬᠤᠯᠪᠤᠭᠠ ᠦᠨᠡᠮᠯᠡᠯ ᠰᠤᠯᠢᠵᠦ ᠲᠠᠷᠬᠠᠭᠠᠬᠤ ᠤᠬᠠᠭᠤᠯᠭᠠ ᠶᠢᠨ ᠡᠷᠴᠢᠮ ᠢᠶᠠᠨ | ᠴᠢᠩᠭᠠᠷᠠᠭᠤᠯᠵᠦ᠂ ᠬᠠᠷᠢᠶᠠ ᠲᠤᠭᠤᠷᠢᠭ ᠤᠨ ᠢᠶᠠᠨ ᠵᠡᠮᠳᠡᠭ ᠤᠯᠠᠨ ᠲᠦᠮᠡᠨ ᠳᠤ ᠦᠨᠡᠮᠯᠡᠯ ᠲᠠᠷᠬᠠᠭᠠᠬᠤ ᠴᠠᠭ᠂ ᠭᠠᠵᠠᠷ᠂ ᠶᠠᠪᠤᠴᠠ | ᠵᠢᠴᠢ ᠬᠡᠷᠡᠭᠰᠡᠬᠦ ᠴᠢᠬᠤᠯᠠᠲᠠᠢ ᠮᠠᠲ᠋ᠧᠷᠢᠶᠠᠯ ᠢ ᠴᠠᠬ ᠲᠤᠬᠠᠢ ᠳᠤᠨᠢ ᠨᠡᠶᠢᠲᠡᠯᠡᠵᠦ᠂ ᠵᠡᠮᠳᠡᠭᠴᠤᠳ ᠤᠨ ᠦᠨᠡᠮᠯᠡᠯ ᠢ ᠰᠤᠯᠢᠵᠦ | ᠲᠠᠷᠬᠠᠭᠠᠬᠤ ᠠᠵᠢᠯ ᠤᠨ ᠤᠷᠤᠬᠰᠢᠲᠠᠢ ᠶᠠᠪᠤᠬᠳᠠᠬᠤ ᠶᠢ ᠪᠠᠲᠤᠯᠠᠵᠠᠢ᠃ ᠡᠬᠦᠨ ᠤ ᠬᠠᠮᠳᠦ ᠦᠨᠡᠮᠯᠡᠯ ᠢᠶᠠᠨ ᠰᠤᠯᠢᠬᠤ ᠪᠠᠷ ᠢᠷᠡᠭᠰᠡᠨ | ᠵᠡᠮᠳᠡᠭ ᠤᠯᠠᠨ ᠲᠦᠮᠡᠨ ᠪᠤᠶᠤ ᠵᠡᠮᠳᠡᠭᠴᠤᠳ ᠤᠨ ᠭᠡᠷ ᠪᠦᠯᠢ ᠳᠤ ᠵᠡᠮᠳᠡᠭ ᠪᠤᠯᠬᠤ ᠠᠴᠠ ᠰᠡᠷᠭᠡᠶᠢᠯᠡᠬᠦ ᠮᠡᠳᠡᠯᠬᠡ ᠶᠢ ᠣᠬᠠᠭᠤᠯᠣᠨ | ᠲᠦᠭᠡᠮᠡᠯᠵᠢᠬᠦᠯᠵᠦ᠂ ᠵᠡᠮᠳᠡᠭᠴᠤᠳ ᠲᠤ ᠠᠰᠢᠭ ᠬᠦᠷᠲᠡᠭᠡᠬᠦ ᠲᠦᠷᠦ ᠶᠢᠨ ᠪᠤᠳᠤᠯᠭᠠ ᠶᠢ ᠤᠬᠠᠭᠤᠯᠵᠦ᠂ ᠭᠤᠷᠪᠠᠳᠤᠭᠠᠷ ᠦᠶᠡ ᠶᠢᠨ | ᠵᠡᠮᠳᠡᠭᠴᠤᠳ ᠤᠨ ᠦᠨᠡᠮᠯᠡᠯ ᠢ ᠬᠡᠷᠡᠭᠯᠡᠨ ᠨᠡᠶᠢᠲᠡ ᠶᠢᠨ ᠮᠠᠰᠢᠨ ᠲᠡᠷᠭᠡᠨ ᠳᠤ ᠰᠠᠭᠤᠬᠤ ᠳᠤ ᠠᠩᠬᠠᠷᠬᠤ ᠵᠦᠢᠯᠡᠰ ᠢ ᠰᠠᠨᠠᠭᠤᠯᠵᠠᠢ᠃ | 2020 ᠤᠨ ᠤ 12 ᠰᠠᠷ ᠠ ᠶᠢᠨ ᠰᠡᠬᠦᠯᠴᠢ ᠪᠤᠯᠲᠠᠯᠠ᠂ ᠤᠯᠠᠭᠠᠠᠬᠤᠲᠠ ᠶᠢᠨ ᠬᠢᠩᠭᠠᠨ ᠵᠡᠭᠡᠯᠢ ᠭᠤᠲᠤᠮᠵᠢ ᠶᠢᠨ ᠬᠡᠷᠡᠭ | ᠡᠷᠬᠢᠯᠡᠬᠦ ᠭᠠᠵᠠᠷ ᠬᠠᠷᠢᠶᠠ ᠲᠤᠭᠤᠷᠢᠭ ᠤᠨ ᠢᠶᠠᠨ ᠬᠡᠷᠡᠭᠴᠡᠭᠡ ᠱᠠᠭᠠᠷᠳᠠᠯᠭᠠ ᠪᠦᠬᠦᠢ ᠵᠡᠮᠳᠡᠭᠴᠤᠳ ᠤᠨ ᠪᠠᠶᠢᠳᠠᠯ ᠢ ᠦᠨᠳᠦᠰᠦᠯᠡᠵᠦ | 496 ᠬᠤᠪᠢ ᠭᠤᠷᠪᠠᠳᠤᠭᠠᠷ ᠦᠶᠠ ᠶᠢᠨ ᠵᠡᠮᠳᠡᠭᠴᠤᠳ ᠤᠨ ᠦᠨᠡᠮᠯᠡᠯ ᠵᠤᠬᠢᠶᠠᠨ ᠦᠢᠯᠡᠳᠴᠦ᠂ ᠨᠢᠬᠡᠨᠲᠡ 360 ᠭᠠᠷᠤᠢ | ᠬᠤᠪᠢ ᠶᠢ ᠨᠢ ᠵᠡᠮᠳᠡᠭᠴᠤᠳ ᠲᠤ ᠭᠠᠷᠳᠠᠭᠤᠯᠵᠠᠢ᠃ | |