| ᠰᠢᠨᠬᠤᠸᠠ ᠬᠤᠷᠢᠶᠠᠨ ᠤ ᠸᠠᠰᠢᠩᠲ᠋ᠣᠨ ᠤ 7 ᠰᠠᠷᠠ ᠶᠢᠨ 19 ᠤ ᠴᠠᠬᠢᠯᠭᠠᠨ ᠮᠡᠳᠡᠭᠡ ᠠᠴᠠ ᠠᠮᠧᠷᠢᠺᠠ ᠶᠢᠨ | ᠶᠡᠷᠦᠩᠬᠡᠶᠢᠯᠡᠭᠴᠢ ᠪᠠᠶᠢᠳᠧᠨ 19 ᠤ ᠡᠳᠦᠷ ᠴᠠᠭᠠᠨ ᠣᠷᠳᠣᠨ ᠳᠤ ᠠᠶᠢᠯᠴᠢᠯᠠᠷᠠ ᠢᠷᠡᠭᠰᠡᠨ ᠶᠣᠷᠳᠠᠨ ᠤ ᠤᠯᠤᠰ ᠤᠨ ᠸᠠᠩ | ᠠᠪᠦ᠋ᠳᠦ᠋ᠯᠠ ᠬᠤᠶᠠᠳᠤᠭᠠᠷ ᠲᠠᠢ ᠠᠭᠤᠯᠵᠠᠯᠲᠠ ᠬᠢᠬᠦ ᠳᠡᠭᠡᠨ᠂ ᠬᠤᠶᠠᠷ ᠤᠯᠤᠰ ᠤᠨ ᠲᠥᠰᠦᠯ ᠢᠶᠠᠷ ᠳᠠᠮᠵᠢᠭᠤᠯᠤᠨ | ᠫᠠᠯᠧᠰᠲ᠋ᠠᠶᠢᠨ ᠢᠰᠷᠧᠯ ᠤᠨ ᠠᠰᠠᠭᠤᠳᠠᠯ ᠢ ᠰᠢᠢᠳᠪᠦᠷᠢᠯᠡᠬᠦ ᠶᠢ ᠳᠡᠮᠵᠢᠨᠡ ᠭᠡᠵᠦ ᠢᠯᠡᠳᠬᠡᠪᠡ᠃ | | ᠪᠠᠶᠢᠳᠧᠨ ᠪᠣᠯᠤᠨ ᠠᠪᠦ᠋ᠳᠦ᠋ᠯᠠ ᠬᠤᠶᠠᠳᠤᠭᠠᠷ ᠬᠤᠶᠠᠷ ᠤᠯᠤᠰ ᠤᠨ ᠬᠠᠷᠢᠯᠴᠠᠭᠠ ᠪᠣᠯᠤᠨ ᠭᠠᠵᠠᠷ ᠣᠷᠣᠨ ᠤ | ᠬᠤᠯᠪᠤᠭᠳᠠᠯ ᠪᠦᠬᠦᠢ ᠠᠰᠠᠭᠤᠳᠠᠯ ᠤᠨ ᠲᠤᠬᠠᠢ ᠭᠡᠯᠡᠯᠴᠡᠭᠡ ᠬᠢᠵᠡᠢ᠃ ᠴᠠᠭᠠᠨ ᠣᠷᠳᠣᠨ ᠤ ᠨᠡᠶᠢᠲᠡᠯᠡᠭᠰᠡᠨ ᠢᠯᠡᠷᠬᠡᠶᠢᠯᠡᠯᠲᠡ ᠶᠢ | ᠦᠨᠳᠦᠰᠦᠯᠡᠪᠡᠯ᠂ ᠪᠠᠶᠢᠳᠧᠨ ᠠᠭᠤᠯᠵᠠᠯᠳᠠ ᠬᠢᠬᠦ ᠳᠡᠭᠡᠨᠬᠤᠶᠠᠷ ᠤᠯᠤᠰ ᠤᠨ ᠲᠥᠰᠦᠯ ᠢᠶᠠᠷ ᠳᠠᠮᠵᠢᠭᠤᠯᠤᠨ ᠫᠠᠯᠧᠰᠲ᠋ᠠᠶᠢᠨ | ᠢᠰᠷᠧᠯ ᠤᠨ ᠠᠰᠠᠭᠤᠳᠠᠯ ᠢ ᠰᠢᠢᠳᠪᠤᠷᠢᠯᠡᠵᠦ᠂ ᠶᠣᠷᠳᠠᠨ ᠤ ᠶᠧᠷᠦ᠋ᠰᠠᠯᠧᠮ ᠤᠨ ᠢᠰᠯᠠᠮ ᠤᠨ ᠱᠠᠰᠢᠨ ᠤ ᠠᠷᠢᠭᠤᠨ ᠣᠷᠣᠨ ᠤ | ᠬᠠᠷᠢᠶᠠ ᠭᠠᠵᠠᠷ ᠤᠨ ᠣᠨᠴᠠᠭᠠᠶ ᠳᠦᠷᠢ ᠶᠢ ᠬᠦᠨᠳᠦᠳᠭᠡᠨᠠ ᠭᠡᠵᠦ ᠢᠯᠡᠳᠭᠡᠵᠠᠢ᠃ | | ᠢᠯᠡᠷᠬᠡᠶᠢᠯᠡᠯᠲᠡ ᠳᠤ᠂ ᠪᠠᠶᠢᠳᠧᠨ ᠶᠣᠷᠳᠠᠨ ᠤ ᠭᠠᠵᠠᠷ ᠣᠷᠣᠨ ᠤ ᠲᠣᠭᠲᠠᠭᠤᠨ ᠪᠠᠶᠢᠳᠠᠯ ᠳᠤ ᠴᠢᠬᠤᠯᠠ ᠦᠢᠯᠡᠳᠦᠯ | ᠦᠵᠡᠭᠦᠯᠦᠭᠰᠡᠨ ᠢ ᠮᠠᠭᠲᠠᠨ ᠰᠠᠶᠢᠰᠢᠶᠠᠵᠤ᠂ ᠶᠣᠷᠳᠠᠨ᠂ ᠢᠷᠠᠺ ᠪᠣᠯᠤᠨ ᠶᠧᠵᠢᠫᠲ ᠤᠨ ᠤᠳᠤᠷᠢᠳᠬᠤ ᠬᠥᠮᠦᠰ ᠤᠨ ᠤᠢᠢᠷᠠ ᠶᠢᠨ | ᠬᠤᠭᠤᠴᠠᠭᠠᠨ ᠳᠤ ᠪᠠᠭᠳᠠᠳ᠋ ᠳᠤ ᠬᠤᠷᠠᠯᠳᠤᠭᠰᠠᠨ ᠭᠤᠷᠪᠠᠨ ᠲᠠᠯᠠ ᠶᠢᠨ ᠬᠤᠷᠠᠯ ᠢ ᠪᠠᠶᠠᠷᠯᠠᠨ ᠤᠭᠲᠤᠵᠤ᠂ ᠶᠣᠷᠳᠠᠨ ᠪᠣᠯᠤᠨ | ᠢᠰᠷᠧᠯ ᠤᠨ ᠰᠢᠨᠡ ᠨᠢᠭᠡ ᠬᠤᠭᠤᠴᠠᠭᠠᠨ ᠤ ᠵᠠᠰᠠᠭ ᠤᠨ ᠣᠷᠳᠣᠨ ᠤ ᠶᠠᠪᠤᠯᠴᠠᠭᠠ ᠥᠷᠨᠢᠭᠦᠯᠬᠦ ᠶᠢ ᠲᠡᠮᠵᠢᠵᠥ ᠪᠠᠶᠢᠬᠤ ᠪᠠᠨ | ᠢᠯᠡᠳᠬᠡᠪᠡ᠃ ᠬᠤᠶᠠᠷ ᠲᠠᠯᠠ ᠪᠠᠷ ᠢᠶᠠᠨ ᠪᠠᠰᠠ ᠰᠢᠨᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠠᠴᠠ | ᠪᠤᠯᠵᠦ ᠬᠡᠴᠡᠭᠦᠳᠡᠵᠦ ᠪᠠᠶᠢᠭᠠ ᠠᠵᠤ ᠠᠬᠤᠢ ᠶᠢᠨ ᠥᠷᠢᠰᠥᠯᠳᠦᠭᠡᠨ᠂ ᠰᠢᠷᠢᠶᠠ ᠶᠢᠨ ᠠᠰᠠᠭᠤᠳᠠᠯ ᠪᠣᠯᠤᠨ ᠠᠮᠧᠷᠢᠺᠠ ᠶᠤᠷᠳᠠᠨ ᠤ | ᠪᠠᠳᠤᠯᠠᠨ ᠬᠠᠮᠠᠭᠠᠯᠠᠯᠲᠠ ᠶᠢᠨ ᠶᠠᠪᠤᠳᠠᠯ ᠤᠨ ᠬᠠᠷᠢᠯᠴᠠᠭᠠ ᠶᠢᠨ ᠲᠤᠬᠠᠢ ᠶᠠᠷᠢᠯᠴᠠᠪᠠ᠃ | | | |