| 10 ᠰᠠᠷᠠ ᠶᠢᠨ ᠡᠬᠢ ᠪᠠᠷ ᠰᠢᠯᠢᠩᠬᠤᠳᠠ ᠶᠢᠨ ᠪᠠᠶᠠᠨᠰᠢᠯᠢ ᠮᠠᠯᠵᠢᠯ ᠤᠨ ᠳᠠᠯᠠᠪᠠᠢ ᠳᠤ ᠲᠤᠷᠰᠢᠨ ᠲᠠᠷᠢᠭᠰᠠᠨ 20 ᠮᠦ | ᠰᠢᠨᠡ ᠡᠭᠦᠯᠳᠡᠷ ᠤᠨ ᠪᠤᠭᠤᠳᠠᠢ ᠨᠢᠭᠡᠨᠳᠡ ᠪᠤᠯᠪᠠᠰᠤᠷᠠᠭᠠᠳ ᠲᠤᠯᠤᠭᠠᠢ ᠲᠦᠷᠦᠭᠦᠦ ᠪᠠᠨ ᠳᠠᠭᠠᠭᠠᠵᠤ ᠶᠠᠳᠠᠨ ᠰᠠᠯᠬᠢᠨ ᠤ ᠠᠶᠠ ᠪᠠᠷ | ᠨᠠᠶᠢᠭᠤᠨ ᠬᠠᠯᠢᠭᠤᠷᠠᠵᠤ ᠬᠠᠳᠤᠵᠤ ᠬᠤᠷᠢᠶᠠᠬᠤ ᠶᠢ ᠬᠦᠯᠢᠶᠡᠨᠡ᠃ ᠡᠨᠡ ᠪᠤᠯ ᠰᠢᠯᠢ ᠶᠢᠨ ᠭᠤᠤᠯ ᠠᠶᠢᠮᠠᠭ ᠤᠨ ᠨᠤᠳᠤᠭ ᠤᠨ | ᠮᠡᠷᠭᠡᠵᠢᠯᠳᠡᠨ᠂ 74 ᠲᠠᠢ ᠸᠧᠢ ᠴᠧᠩ ᠯᠦᠩ ᠨᠠᠰᠤᠳᠠᠨ ᠤ ᠪᠡᠯᠴᠢᠬᠡᠷ ᠤᠨ ᠡᠪᠡᠰᠤ ᠬᠢᠭᠡᠳ ᠲᠠᠷᠢᠶᠠᠨ ᠤ ᠪᠤᠭᠤᠳᠠᠢ ᠶᠢ | ᠡᠷᠯᠢᠰᠡᠵᠢᠭᠦᠯᠦᠨ ᠪᠤᠶᠢᠵᠢᠭᠤᠯᠤᠭᠰᠠᠨ ᠰᠢᠨᠡ ᠡᠭᠦᠯᠳᠡᠷ ᠤᠨ ᠪᠤᠭᠤᠳᠠᠢ ᠶᠢᠨ ᠲᠠᠷᠢᠶᠠ ᠪᠤᠯᠤᠨᠠ᠃ ᠸᠧᠢ ᠴᠧᠩ ᠯᠦᠩ 48 | ᠵᠢᠯ ᠤᠨ ᠪᠠᠷᠢᠮᠳᠠᠯᠠᠯ ᠪᠠ ᠴᠢᠷᠮᠠᠶᠢᠯᠭᠠ ᠪᠠᠷ ᠲᠠᠮᠵᠢᠨ ᠨᠢᠭᠡᠨᠲᠡ ᠪᠤᠭᠤᠳᠠᠢ ᠶᠢᠨ 3 ᠰᠢᠨᠡ ᠡᠭᠦᠯᠳᠡᠷ ᠢ ᠪᠤᠶᠢᠵᠢᠭᠤᠯᠤᠭᠰᠠᠨ ᠪᠥᠭᠡᠳ | ᠪᠦᠬᠦ ᠤᠷᠤᠨ ᠳᠤ ᠶᠡᠭᠡ ᠬᠡᠪᠴᠢᠶᠠ ᠪᠠᠷ ᠲᠤᠷᠰᠢᠨ ᠲᠠᠷᠢᠭᠠᠳ ᠰᠠᠶᠢᠨ ᠠᠮᠵᠢᠯᠳᠠ ᠤᠯᠵᠠᠢ᠃ | | ᠬᠠᠲᠠᠭᠤ ᠪᠡᠷᠬᠡᠰᠢᠶᠡᠯᠲᠦ ᠣᠨ ᠰᠠᠷᠠ ᠳᠤ ᠲᠥᠷᠥᠵᠦ ᠦᠰᠦᠨ ᠥᠯᠥᠰᠬᠦᠯᠡᠩ ᠭᠠᠴᠢᠭ ᠴᠠᠭ ᠦᠶᠠ ᠶᠢ | ᠲᠤᠭᠤᠯᠤᠭᠰᠠᠨ ᠸᠧᠢ ᠴᠧᠩ ᠯᠦᠩ ᠠᠮᠤ ᠪᠤᠳᠠᠭᠠ ᠠᠯᠢᠪᠠ ᠠᠴᠠ ᠴᠢᠬᠤᠯᠠ ᠬᠡᠳᠡᠭ ᠢ ᠮᠡᠳᠡᠨᠠ᠃ 1973 ᠣᠨ ᠤ ᠨᠢᠭᠡᠨ | ᠡᠳᠦᠷ᠂ ᠰᠢᠯᠢ ᠶᠢᠨ ᠭᠤᠣᠯ ᠤᠨ ᠲᠠᠯᠠ ᠨᠤᠲᠤᠭ ᠲᠤ ᠮᠠᠯ ᠮᠠᠯᠵᠢᠵᠤ ᠪᠠᠶᠢᠭᠰᠠᠨ ᠸᠧᠶ ᠴᠧᠩ ᠯᠦᠩ ᠮᠠᠯ ᠬᠠᠷᠢᠭᠤᠯᠵᠤ ᠶᠠᠪᠤᠬᠤ | ᠵᠠᠭᠤᠷᠠ ᠪᠠᠨ ᠪᠡᠯᠴᠢᠬᠡᠷ ᠤᠨ ᠡᠪᠡᠰᠦ ᠬᠢᠬᠡᠳ ᠲᠠᠷᠢᠶᠠᠨ ᠤ ᠪᠤᠭᠤᠳᠠᠶ ᠶᠢ ᠡᠷᠯᠢᠰᠡᠵᠢᠭᠦᠯᠵᠦ ᠪᠣᠯᠤᠨᠠ ᠤᠤ ᠦᠭᠡᠶ ᠤᠤ︖ | ᠭᠡᠰᠡᠨ ᠪᠤᠳᠤᠯ ᠳᠠᠷᠢᠬᠢᠨ ᠳᠤ ᠬᠠᠷᠪᠤᠨ ᠤᠷᠤᠵᠠᠢ᠃ ᠳᠡᠭᠡᠭᠡᠳ ᠲᠡᠷᠡ ᠪᠤᠭᠤᠳᠠᠶ ᠶᠢᠨ ᠦᠷᠡ ᠪᠤᠶᠢᠵᠢᠭᠤᠯᠬᠤ ᠰᠤᠷᠤᠯᠴᠠᠯᠭᠠ ᠪᠠ | ᠦᠢᠯᠡᠳᠪᠦᠷᠢᠯᠡᠯ ᠤᠨ ᠦᠢᠯᠡᠳᠦᠯᠭᠡ ᠳᠤ ᠣᠷᠣᠯᠴᠠᠵᠤ᠂ ᠪᠤᠭᠤᠳᠠᠶ ᠶᠢᠨ ᠦᠷᠡ ᠪᠤᠶᠢᠵᠢᠭᠤᠯᠬᠤ ᠲᠤᠰᠬᠠᠶ ᠮᠡᠳᠡᠯᠬᠡ ᠮᠡᠷᠭᠡᠵᠢᠯ ᠢ | ᠡᠵᠡᠮᠰᠢᠭᠰᠡᠨ ᠤ ᠲᠠᠷᠠᠭᠠ ᠤᠷᠳᠤ ᠬᠤᠭᠤᠴᠠᠭᠠᠨ ᠤ ᠰᠢᠷᠭᠠᠭᠤ ᠬᠠᠲᠠᠭᠤᠵᠢᠯᠲᠠᠢ ᠬᠠᠶᠢᠨ ᠰᠦᠪᠡᠭᠴᠢᠯᠡᠯᠲᠡ ᠬᠢᠵᠤ᠂ 1986 | ᠣᠨ ᠳᠤ ᠨᠢᠭᠡᠳᠦᠭᠡᠷ ᠵᠦᠢᠯ ᠤᠨ ᠪᠤᠭᠤᠳᠠᠢ ᠶᠢᠨ ᠰᠢᠨᠡ ᠡᠭᠦᠯᠳᠡᠷ ᠢ ᠪᠤᠶᠢᠵᠢᠭᠤᠯᠵᠤ ᠭᠠᠷᠭᠠᠪᠠ᠃ ᠸᠧᠶ ᠴᠧᠩ ᠯᠦᠩ | ᠲᠡᠭᠦᠨ ᠢᠶᠠᠨ ᠡᠶᠡ ᠵᠣᠬᠢᠴᠠᠩᠭᠤᠢ 1 ᠨᠣᠮᠧᠷᠲᠤ ᠭᠡᠮᠡᠨ ᠨᠡᠷᠡᠶᠢᠳᠴᠤ᠂ 2007 ᠤᠨ ᠳᠤ ᠬᠤᠶᠠᠳᠤᠭᠠᠷ ᠵᠦᠢᠯ ᠤᠨ | ᠪᠤᠭᠤᠳᠠᠢ ᠶᠢᠨ ᠰᠢᠨᠡ ᠡᠭᠦᠯᠳᠡᠷ ᠢ ᠪᠤᠶᠢᠵᠢᠭᠤᠯᠵᠤ ᠭᠠᠷᠭᠠᠭᠠᠳ ᠡᠶᠡ ᠵᠣᠬᠢᠴᠠᠩᠭᠤᠢ 2 ᠨᠣᠮᠧᠷᠲᠤ ᠭᠡᠮᠠᠨ ᠨᠡᠷᠡᠶᠢᠳᠴᠤ᠂ | ᠨᠢᠳᠤᠨᠤᠨ ᠤ ᠪᠤᠶᠢᠵᠢᠭᠤᠯᠤᠭᠰᠠᠨ ᠭᠤᠷᠪᠠᠳᠤᠭᠠᠷ ᠵᠦᠢᠯ ᠤᠨ ᠪᠤᠭᠤᠳᠠᠢ ᠶᠢᠨ ᠰᠢᠨᠡ ᠡᠭᠦᠯᠳᠡᠷ ᠢᠶᠠᠨ ᠡᠶᠡ ᠵᠣᠬᠢᠴᠠᠩᠭᠤᠢ 3 | ᠨᠣᠮᠧᠷᠲᠤ ᠭᠡᠮᠡᠨ ᠨᠠᠷᠡᠶᠢᠳᠴᠠᠢ᠃ | | ᠲᠤᠬᠠᠢ ᠶᠢᠨ ᠥᠶᠡ ᠳᠤ ᠲᠤᠯᠢᠳᠠᠴᠢᠬᠠᠮᠠᠷ ᠳᠤᠷᠰᠢᠯᠭᠠ ᠦᠭᠡᠢ᠂ ᠵᠢᠯᠣᠭᠤᠳᠤᠯᠭᠠ ᠪᠣᠯᠤᠮᠠᠷ ᠪᠢᠴᠢᠭ ᠮᠠᠲ᠋ᠧᠷᠢᠶᠠᠯ | ᠦᠭᠡᠢ ᠮᠦᠷᠳᠡᠭᠡᠨ ᠬᠤᠯᠪᠣᠭᠳᠠᠯ ᠪᠦᠬᠦᠢ ᠪᠣᠳᠠᠲᠤ ᠵᠢᠱᠢᠶᠡ ᠪᠠᠶᠢᠬᠤ ᠦᠭᠡᠢ ᠪᠠᠶᠢᠳᠠᠯ ᠳᠤᠤᠷᠠ ᠪᠡᠯᠴᠢᠬᠡᠷ ᠤᠨ ᠡᠪᠡᠰᠤ ᠬᠢᠭᠡᠳ | ᠲᠠᠷᠢᠶᠠᠨ ᠤ ᠪᠤᠭᠤᠳᠠᠢ ᠶᠢ ᠡᠷᠯᠢᠰᠡᠵᠢᠭᠦᠯᠦᠨ ᠪᠤᠶᠢᠵᠢᠭᠤᠯᠬᠤ ᠬᠡᠭᠴᠢ ᠨᠢᠭᠡᠨ ᠮᠠᠯᠴᠢᠨ ᠵᠠᠯᠠᠭᠤ ᠳᠤ ᠠᠪᠴᠤ ᠬᠡᠯᠡᠪᠡᠯ ᠰᠡᠳᠬᠢᠭᠳᠡᠰᠢ | ᠦᠬᠡᠢ ᠶᠠᠪᠤᠳᠠᠯ ᠪᠤᠯᠬᠤ ᠶᠤᠮ᠃ ᠲᠠᠯᠠ ᠨᠤᠲᠤᠭ ᠲᠤ ᠪᠡᠯᠴᠢᠬᠡᠷ ᠤᠨ ᠡᠪᠡᠰᠦ ᠶᠢᠨ ᠲᠦᠷᠦᠯ ᠵᠦᠢᠯ ᠮᠠᠰᠢ ᠤᠯᠠᠨ᠂ ᠠᠯᠢ ᠶᠢ ᠨᠢ | ᠪᠤᠭᠤᠳᠠᠢ ᠲᠠᠢ ᠡᠷᠯᠢᠰᠡᠵᠢᠭᠦᠯᠪᠡᠯ ᠵᠣᠬᠢᠬᠤ ᠳᠤᠬᠠᠢ ᠸᠧᠶ ᠴᠧᠩ ᠯᠦᠩ ᠦᠪᠡᠷ ᠤᠨ ᠦᠵᠡᠯᠳᠡ ᠳᠤᠷᠰᠢᠯᠭᠠ ᠲᠠᠢ ᠪᠤᠯᠪᠠ᠃ | ᠡᠷᠯᠢᠰᠡᠵᠢᠭᠦᠯᠵᠦ ᠪᠣᠯᠬᠤ ᠪᠡᠯᠴᠢᠭᠡᠷ ᠤᠨ ᠡᠪᠡᠰᠦ ᠶᠢ ᠰᠣᠩᠭᠤᠬᠤ ᠳᠤ ᠡᠩ ᠲᠡᠷᠢᠭᠦᠨ ᠳᠤ ᠢᠳᠡᠵᠦ ᠪᠣᠯᠬᠤ ᠮᠦᠷᠳᠡᠭᠡᠨ ᠠᠮᠲᠠ | ᠰᠢᠮᠡᠳᠠᠢ᠂ ᠦᠷᠠ ᠮᠥᠬᠦᠯᠢᠭ ᠨᠢ ᠲᠤᠮᠤ᠂ ᠪᠠᠰᠠ ᠴᠡᠴᠡᠭᠯᠡᠬᠦ ᠬᠤᠭᠤᠴᠠᠭᠠ ᠨᠢ ᠬᠠᠷᠢᠯᠴᠠᠨ ᠳᠤᠬᠢᠷᠠᠭᠰᠠᠨ ᠪᠠᠶᠢᠬᠤ ᠴᠢᠬᠤᠯᠠᠳᠠᠢ | ᠬᠡᠵᠤ ᠸᠧᠶ ᠴᠧᠩ ᠯᠦᠩ ᠶᠠᠷᠢᠨᠠ᠃ ᠲᠡᠷᠡ ᠬᠥᠭᠰᠢᠨ ᠲᠠᠢ ᠪᠠᠨ ᠬᠤᠶᠠᠭᠤᠯᠠ ᠤᠳᠠᠭᠠᠨ ᠵᠢᠯ ᠤᠨ ᠳᠤᠷᠰᠢ ᠨᠢᠭᠡᠳ ᠨᠢᠭᠡ ᠪᠠᠷ | ᠠᠮᠲᠠᠯᠠᠨ ᠲᠤᠷᠰᠢᠵᠤ᠂ ᠤᠷᠢᠳ ᠬᠤᠵᠢᠳ 60 ᠭᠠᠷᠤᠶ ᠵᠦᠢᠯ ᠤᠨ ᠪᠡᠯᠴᠢᠭᠡᠷ ᠤᠨ ᠡᠪᠡᠰᠦ ᠶᠢ ᠲᠤᠷᠰᠢᠨ ᠡᠷᠯᠢᠰᠡᠵᠢᠭᠦᠯᠵᠤ | ᠦᠵᠡᠵᠡᠶ᠂ ᠲᠠᠷᠢᠶᠠᠨ ᠤ ᠪᠤᠭᠤᠳᠠᠶ ᠪᠠ ᠪᠡᠯᠴᠢᠭᠡᠷ ᠤᠨ ᠡᠪᠡᠰᠦ ᠶᠢᠨ ᠴᠡᠴᠡᠭᠯᠡᠬᠦ ᠬᠤᠭᠤᠴᠠᠭᠠ ᠶᠢ ᠳᠤᠬᠢᠷᠠᠭᠤᠯᠤᠨ ᠡᠵᠡᠮᠰᠢᠭᠦ ᠬᠡᠮᠡᠨ | 10 ᠵᠢᠯ ᠬᠡᠷᠡᠭᠰᠡᠪᠡ᠃ ᠬᠠᠮᠤᠭ ᠤᠨ ᠰᠡᠬᠦᠯ ᠳᠤ ᠭᠠᠩ ᠳᠤ ᠲᠠᠭᠠᠭᠠᠴᠠᠳᠠᠢ᠂ ᠡᠰᠢ ᠨᠢ ᠪᠦᠳᠦᠭᠦᠨ᠂ ᠲᠦᠷᠦᠭᠦᠦ ᠨᠢ ᠤᠷᠳᠤ᠂ | ᠮᠥᠬᠦᠯᠢᠭ ᠨᠢ ᠠᠷᠪᠢᠨ᠂ ᠦᠨᠳᠦᠰᠦ ᠶᠢᠨ ᠰᠢᠰᠲ᠋ᠧᠮ ᠨᠢ ᠬᠥᠭᠵᠢᠩᠬᠦᠢ᠂ ᠠᠮᠢᠵᠢᠷᠠᠯ ᠤᠨ ᠬᠦᠴᠦᠨ ᠢᠶᠠᠷ ᠴᠢᠩᠭᠠ ᠲᠡᠵᠢᠭᠡᠯ | ᠡᠪᠡᠰᠦ ᠶᠢ ᠡᠷᠢᠨ ᠭᠠᠷᠭᠠᠵᠤ᠂ ᠡᠨᠡ ᠬᠦ ᠲᠡᠵᠢᠭᠡᠯ ᠡᠪᠡᠰᠦ ᠪᠠᠷ ᠡᠴᠢᠭᠡ ᠦᠨᠳᠦᠰᠦ ᠪᠣᠯᠭᠠᠨ ᠰᠠᠶᠢᠨ ᠡᠭᠦᠯᠳᠡᠷ ᠤᠨ ᠪᠤᠭᠤᠳᠠᠢ ᠪᠠᠷ | ᠡᠬᠡ ᠦᠨᠳᠦᠰᠦ ᠪᠣᠯᠭᠠᠨ ᠡᠷᠯᠢᠰᠡᠵᠢᠭᠦᠯᠦᠬᠡᠳ ᠠᠮᠵᠢᠯᠳᠠ ᠤᠯᠤᠭᠰᠠᠨ ᠪᠠᠶᠢᠨᠠ᠃ ᠡᠨᠡ ᠵᠢᠯ ᠪᠢ ᠬᠦᠷᠢᠶᠡᠨ ᠳᠣᠲᠣᠷᠠ ᠪᠠᠨ | ᠡᠶᠡ ᠵᠣᠬᠢᠴᠠᠩᠭᠤᠢ 3 ᠨᠣᠮᠧᠷᠲᠤ ᠶᠢ ᠲᠤᠷᠰᠢᠨ ᠲᠠᠷᠢᠵᠤ᠂ ᠤᠨᠠᠯᠳᠠ ᠶᠢᠨ ᠬᠡᠮᠵᠢᠶᠡ ᠨᠢ ᠡᠶᠡ ᠵᠣᠬᠢᠴᠠᠩᠭᠤᠢ 1 ᠨᠣᠮᠧᠷᠲᠤ | ᠪᠠ ᠡᠶᠡ ᠵᠣᠬᠢᠴᠠᠩᠭᠤᠢ 2 ᠨᠣᠮᠧᠷᠲᠤ ᠠᠴᠠ ᠪᠦᠷ ᠲᠠᠪᠠᠭᠰᠠᠨ ᠭᠡᠵᠤ ᠸᠧᠶ ᠴᠧᠩ ᠯᠦᠩ ᠭᠤᠷᠪᠠᠨ ᠵᠦᠢᠯ ᠤᠨ ᠰᠢᠨᠡ | ᠡᠭᠦᠯᠳᠡᠷ ᠤᠨ ᠢᠶᠠᠨ ᠪᠤᠭᠤᠳᠠᠶ ᠶᠢᠨ ᠲᠦᠷᠦᠭᠦᠦ ᠶᠢ ᠪᠠᠷᠢᠭᠠᠳ ᠬᠠᠷᠢᠴᠠᠭᠤᠯᠤᠨ ᠳᠠᠨᠢᠯᠴᠠᠭᠤᠯᠤᠨᠠ᠃ | | ᠦᠪᠡᠷᠳᠡᠭᠡᠨ ᠵᠠᠰᠠᠬᠤ ᠤᠷᠤᠨ ᠪᠤᠯᠤᠨ ᠰᠢᠯᠢ ᠶᠢᠨ ᠭᠤᠤᠯ ᠠᠶᠢᠮᠠᠭ ᠤᠨ ᠬᠠᠮᠢᠶᠠ ᠪᠦᠬᠦᠢ ᠰᠠᠯᠠᠭᠠ ᠮᠦᠴᠢᠷ ᠤᠨ | ᠳᠡᠮᠵᠢᠯᠭᠡ ᠪᠠᠷ ᠸᠧᠢ ᠴᠧᠩ ᠯᠦᠩ ᠤᠨ ᠪᠤᠶᠢᠵᠢᠭᠤᠯᠤᠭᠰᠠᠨ ᠰᠢᠨᠡ ᠡᠭᠦᠯᠳᠡᠷ ᠤᠨ ᠪᠤᠭᠤᠳᠠᠢ ᠶᠢ ᠬᠥᠬᠡᠬᠤᠲᠠ ᠶᠢᠨ ᠦᠴᠤᠸᠠᠨ | ᠰᠢᠶᠠᠨ᠂ ᠪᠠᠶᠠᠨᠨᠠᠭᠤᠷ ᠬᠤᠳᠠ ᠶᠢᠨ ᠳ᠋ᠧᠩᠺᠸᠦ ᠰᠢᠶᠠᠨ᠂ ᠤᠯᠠᠭᠠᠨᠬᠠᠳᠠ ᠬᠤᠳᠠ᠂ ᠲᠦᠩᠯᠢᠶᠣᠤ ᠬᠤᠳᠠ ᠵᠡᠷᠭᠡ ᠭᠠᠵᠠᠷ ᠤᠨ 9 | ᠬᠡᠰᠡᠭ ᠲᠤᠷᠰᠢᠯᠲᠠ ᠶᠢᠨ ᠲᠠᠷᠢᠶᠠᠨ ᠭᠠᠵᠠᠷ ᠲᠤ ᠲᠠᠷᠢᠵᠤ᠂ ᠡᠨᠡ ᠬᠦ ᠰᠢᠨᠡ ᠡᠭᠦᠯᠳᠡᠷ ᠤᠨ ᠪᠤᠭᠤᠳᠠᠢ ᠨᠢ ᠡᠯᠡ ᠭᠠᠵᠠᠷ ᠤᠨ ᠠᠭᠤᠷ | ᠠᠮᠢᠰᠬᠤᠯ ᠪᠠ ᠬᠥᠷᠥᠰᠥ ᠰᠢᠷᠣᠶ ᠳᠤ ᠴᠦᠮ ᠲᠤᠬᠢᠷᠠᠵᠤ᠂ ᠤᠨᠠᠯᠲᠠ ᠨᠢ ᠲᠣᠭᠲᠠᠪᠤᠷᠢᠲᠠᠶ ᠪᠠᠶᠢᠬᠤ ᠶᠢ ᠬᠡᠷᠡᠴᠢᠯᠡᠪᠠ᠃ ᠲᠤᠷᠰᠢᠨ | ᠳᠠᠷᠢᠬᠰᠠᠨ ᠪᠠᠶᠢᠳᠠᠯ ᠢ ᠦᠨᠳᠦᠰᠦᠯᠡᠪᠡᠯ᠂ ᠡᠷᠯᠢᠰᠡᠵᠢᠭᠦᠯᠦᠭᠰᠡᠨ ᠰᠢᠨᠡ ᠡᠭᠦᠯᠳᠡᠷ ᠤᠨ ᠪᠣᠭᠤᠳᠠᠶ ᠶᠢ ᠳᠠᠷᠢᠶᠠᠴᠢᠳ ᠤᠨ ᠶᠡᠷᠦ ᠶᠢᠨ | ᠲᠠᠷᠢᠵᠤ ᠪᠠᠶᠢᠭᠠ ᠰᠢᠯᠢᠳᠡᠭ ᠡᠭᠦᠯᠳᠡᠷ ᠤᠨ ᠪᠣᠭᠤᠳᠠᠶ ᠲᠠᠢ ᠬᠠᠷᠢᠴᠠᠭᠤᠯᠪᠠᠯ᠂ ᠮᠥ ᠪᠦᠷᠢ ᠳᠤ ᠰᠠᠴᠤᠬᠤ ᠦᠷᠡ ᠶᠢᠨ ᠬᠡᠮᠵᠢᠶᠡ | 50% ᠪᠠᠷ ᠪᠠᠭᠤᠷᠠᠵᠤ᠂ ᠰᠠᠭᠤᠷᠢ ᠪᠦᠷᠢ ᠶᠢᠨ ᠪᠣᠭᠤᠳᠠᠶ ᠶᠢᠨ ᠲᠦᠷᠦᠭᠦᠤ ᠶᠢᠨ ᠤᠨᠠᠯᠲᠠ 40% ᠪᠠᠷ ᠳᠡᠭᠡᠭᠰᠢᠯᠡᠨ᠂ | ᠤᠰᠤᠯᠠᠯᠲᠠ ᠶᠢᠨ ᠲᠠᠷᠢᠶᠠᠨ ᠤ ᠮᠥ ᠪᠦᠷᠢ ᠶᠢᠨ ᠤᠨᠠᠯᠲᠠ 30% ᠪᠠᠷ ᠳᠡᠭᠡᠭᠰᠢᠯᠡᠵᠡᠶ ᠭᠡᠵᠦ ᠸᠧᠶ ᠴᠧᠩ ᠯᠦᠩ ᠤᠷᠮᠠᠳᠠᠢ | ᠶᠠᠷᠢᠨᠠ᠃ | | ᠤᠳᠤ ᠥᠪᠡᠷᠲᠡᠭᠡᠨ ᠵᠠᠰᠠᠬᠤ ᠣᠷᠣᠨ ᠪᠤᠯᠤᠨ ᠤᠯᠤᠰ ᠤᠨ ᠬᠤᠯᠪᠣᠭᠳᠠᠯ ᠪᠦᠬᠦᠢ ᠰᠠᠯᠠᠭᠠ ᠮᠥᠴᠢᠷ ᠠᠴᠠ ᠮᠢᠨᠤ | ᠰᠢᠨᠡ ᠡᠭᠦᠯᠳᠡᠷ ᠤᠨ ᠪᠤᠭᠤᠳᠠᠶ ᠳᠤ ᠭᠡᠷᠡᠴᠢᠯᠡᠯᠳᠠ ᠬᠢᠬᠦ ᠶᠢ ᠬᠦᠯᠢᠶᠡᠵᠦ ᠪᠠᠶᠢᠨᠠ᠂ ᠮᠢᠨᠤ ᠬᠠᠮᠤᠭ ᠤᠨ ᠶᠡᠭᠡ ᠬᠦᠰᠡᠯ ᠪᠣᠯ ᠰᠢᠨᠡ | ᠡᠭᠦᠯᠳᠡᠷ ᠤᠨ ᠪᠣᠭᠤᠳᠠᠶ ᠪᠠᠨ ᠮᠠᠨ ᠤ ᠤᠷᠤᠨ ᠤ ᠪᠡᠶᠡ ᠪᠠᠨ ᠳᠠᠭᠠᠭᠠᠭᠰᠠᠨ ᠮᠡᠳᠡᠯᠭᠡ ᠶᠢᠨ ᠥᠮᠴᠢᠯᠡᠯ ᠤᠨ ᠡᠷᠬᠡ ᠲᠠᠢ ᠰᠢᠯᠢᠳᠡᠭ | ᠡᠭᠦᠯᠳᠡᠷ ᠪᠤᠯᠭᠠᠵᠤ᠂ ᠪᠦᠬᠦ ᠣᠷᠣᠨ ᠴᠢᠨᠠᠭᠰᠢᠯᠠᠪᠠᠯ ᠪᠦᠬᠦ ᠤᠯᠤᠰ ᠤᠨ ᠬᠡᠪᠴᠢᠶᠡᠨ ᠳᠤ ᠳᠠᠷᠢᠵᠤ ᠳᠡᠯᠭᠡᠷᠡᠭᠦᠯᠬᠦ ᠶᠢ ᠬᠦᠰᠡᠵᠤ | ᠪᠤᠢ ᠭᠡᠵᠤ ᠸᠧᠶ ᠴᠧᠩ ᠯᠦᠩ ᠨᠠᠰᠤᠲᠠᠨ ᠬᠦᠰᠡᠯ ᠪᠤᠳᠤᠯ ᠢᠶᠠᠨ ᠳᠡᠯᠭᠡᠨᠡ᠃ ᠲᠡᠷᠡ ᠡᠷᠯᠢᠰᠡᠵᠢᠭᠦᠯᠦᠭᠰᠡᠨ ᠰᠢᠨᠡ ᠡᠭᠦᠯᠳᠡᠷ ᠤᠨ | ᠪᠣᠭᠤᠳᠠᠶ ᠶᠢᠨ ᠦᠷᠡ ᠪᠠᠨ ᠨᠢᠬᠡᠨᠳᠡ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠳᠤᠰᠬᠤᠨ | ᠮᠠᠯᠵᠢᠬᠤ ᠤᠷᠤᠨ ᠤ ᠲᠢᠩᠬᠢᠮ ᠳᠤ ᠬᠦᠷᠭᠡᠵᠦ ᠦᠷᠡ ᠶᠢᠨ ᠭᠡᠷᠡᠴᠢᠯᠡᠯᠳᠠ ᠬᠢᠯᠬᠡᠭᠦ ᠪᠠᠷ ᠡᠷᠭᠦᠮᠵᠢᠯᠡᠭᠡᠳ ᠪᠤᠢ᠃ | | | |