ᠬᠦᠳᠡᠭᠡ᠄ ᠬᠦᠳᠡᠭᠡ ᠳᠤᠰᠬᠤᠨ ᠮᠠᠯᠵᠢᠬᠤ ᠤᠷᠤᠨ ᠤ ᠰᠤᠷᠭᠠᠨ ᠬᠦᠮᠦᠵᠢᠯ ᠤᠨ ᠠᠰᠠᠭᠤᠳᠠᠯ ᠢ | ᠬᠦᠨᠳᠦᠳᠦᠭᠡᠨ ᠦᠵᠡᠬᠦ ᠶᠢ ᠬᠦᠰᠡᠵᠦ ᠪᠠᠶᠢᠨᠠ᠃ ᠪᠠᠭᠰᠢ ᠶᠢᠨ ᠡᠩᠨᠡᠭᠡ ᠶᠢᠨ ᠪᠠᠶᠢᠭᠤᠯᠤᠯᠳᠠ᠂ ᠰᠤᠷᠭᠠᠭᠤᠯᠢ ᠶᠢᠨ | ᠰᠠᠭᠤᠷᠢ ᠳᠦᠭᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠵᠡᠷᠭᠡᠶᠢ ᠴᠢᠩᠭᠠᠳᠬᠠᠪᠠᠯ ᠬᠦᠳᠡᠭᠡ ᠶᠢᠨ ᠭᠡᠦᠭᠡᠳ | ᠬᠦᠳᠡᠭᠡ ᠶᠢᠨ ᠰᠤᠷᠭᠠᠭᠤᠯᠢ ᠳᠠᠭᠠᠨ ᠰᠠᠭᠤᠵᠦ᠂ ᠬᠠᠷᠠ ᠪᠠᠭᠠ ᠠᠴᠠ ᠪᠠᠨ ᠡᠵᠢ ᠠᠪᠤ ᠡᠴᠠᠪᠠᠨ ᠰᠠᠯᠵᠦ᠂ ᠪᠠᠶᠢᠷᠢ ᠳᠤ ᠰᠠᠭᠤᠬᠤ | ᠵᠤᠪᠠᠯᠠᠩ ᠠᠮᠰᠠᠬᠤ ᠦᠭᠡᠢ ᠪᠤᠯᠤᠨᠠ ᠳ᠋ᠠ᠃ | ᠤᠶᠤᠳᠠᠨ᠄ ᠤᠶᠤᠳᠠᠳ ᠤᠨ ᠪᠠᠶᠠ ᠪᠠᠨ ᠳᠠᠭᠠᠭᠠᠵᠦ ᠦᠢᠯᠡᠰ ᠪᠦᠳᠦᠭᠡᠬᠦ ᠶᠢ ᠨᠡᠩ ᠢᠯᠡᠬᠦᠦ ᠵᠤᠷᠢᠬᠵᠢᠭᠤᠯᠵᠦ᠂ | ᠳᠦᠷᠦ ᠶᠢᠨ ᠪᠤᠳᠤᠯᠭᠠ ᠶᠢᠨ ᠬᠠᠷᠠᠭᠠᠯᠵᠠᠯ ᠦᠵᠡᠬᠦᠯᠬᠦ᠂ ᠪᠠᠯᠠ ᠮᠦᠩᠬᠦ ᠶᠢᠨ ᠳᠤᠰᠠᠯᠠᠮᠵᠢ ᠬᠦᠷᠳᠡᠭᠡᠬᠦ ᠬᠦᠴᠦᠯᠡᠴᠡ ᠪᠠᠨ | ᠨᠡᠮᠡᠭᠳᠡᠬᠦᠯᠬᠦ ᠨᠢ ᠤᠳᠤᠬᠠᠨ ᠤ ᠠᠵᠢᠯ ᠤᠯᠬᠤ ᠳᠤ ᠬᠦᠴᠢᠷ ᠠᠰᠠᠭᠤᠳᠠᠯ ᠢ ᠰᠢᠢᠳᠪᠤᠷᠢᠯᠡᠬᠦ ᠶᠢᠨ ᠬᠠᠮᠳᠦ ᠨᠡᠩ ᠤᠯᠠᠨ | ᠢᠷᠡᠭᠡᠳᠦᠢ ᠶᠢᠨ ᠠᠯᠳᠠᠷᠳᠠᠳ ᠢ ᠬᠦᠮᠦᠵᠢᠬᠦᠯᠬᠦ ᠳᠤ ᠠᠰᠢᠬᠳᠠᠢ ᠶᠤᠮ᠃ ᠠᠵᠢᠯ ᠤᠯᠬᠤ ᠨᠢ ᠴᠤᠷ ᠤᠨ ᠭᠠᠭᠴᠠ ᠵᠠᠮ ᠪᠢᠰᠢ᠂ | ᠦᠪᠠᠷ ᠤᠨ ᠪᠠᠶᠠ ᠪᠠᠨ ᠳᠦᠰᠢᠵᠦ᠂ ᠦᠢᠯᠡᠰ ᠪᠤᠰᠬᠠᠵᠦ ᠶᠠᠪᠤᠬᠤ ᠪᠤᠯ ᠰᠢᠨᠠ ᠴᠠᠭ ᠦᠶᠠ ᠶᠢᠨ ᠱᠠᠭᠠᠷᠳᠠᠯᠭᠠ ᠭᠡᠳᠡᠭ ᠢ | ᠤᠶᠢᠯᠠᠭᠠᠭᠤᠯᠵᠦ᠂ ᠨᠡᠩ ᠤᠯᠠᠨ ᠦᠢᠯᠡᠰ ᠪᠦᠳᠦᠭᠡᠭᠴᠢᠳ ᠢ ᠳᠠᠶᠢᠴᠢᠯᠠᠬᠤ ᠨᠢ ᠨᠡᠶᠢᠭᠡᠮ ᠤᠨ ᠭᠦᠭᠵᠢᠯᠳᠡ ᠳᠤ ᠠᠰᠢᠬᠳᠠᠢ᠃ | ᠨᠠᠷᠠᠨ᠄ ᠬᠦᠳᠡᠭᠡ ᠳᠤᠰᠬᠤᠨ ᠳᠤ ᠦᠬᠢᠳ ᠳᠤᠳᠠᠭᠳᠠᠵᠦ ᠪᠠᠶᠢᠭᠠ ᠠᠰᠠᠭᠤᠳᠠᠯ ᠨᠢ ᠶᠠᠷᠦᠨᠢ ᠨᠡᠶᠢᠭᠡᠮ ᠤᠨ ᠠᠰᠠᠭᠤᠳᠠᠯ | ᠪᠤᠯᠤᠭᠠᠳ ᠪᠤᠢ᠃ ᠬᠦᠳᠡᠭᠡ ᠶᠢᠨ ᠦᠬᠢᠳ ᠬᠤᠳᠠ ᠤᠷᠤᠵᠦ᠂ ᠨᠤᠳᠤᠭ ᠢᠶᠠᠨ ᠰᠠᠬᠢᠨ ᠦᠯᠡᠳᠡᠭᠰᠡᠨ ᠵᠠᠯᠠᠭᠤᠰ ᠪᠠᠷᠢ ᠤᠯᠬᠤ ᠦᠭᠡᠢ᠂ | ᠭᠤᠤᠨᠢ ᠡᠷᠡᠴᠤᠳ ᠤᠯᠠᠳᠠᠵᠦ ᠪᠠᠶᠢᠭᠠ ᠨᠢ ᠭᠡᠴᠡᠬᠦᠦ᠃ ᠡᠨᠡᠬᠦ ᠪᠠᠶᠢᠳᠠᠯ ᠢ ᠳᠦᠯᠦᠭᠡᠯᠡᠭᠴᠢᠳ ᠭᠡᠰᠢᠬᠦᠳ ᠳᠠᠪᠰᠢᠬᠦᠯᠵᠦ᠂ | ᠬᠤᠳᠠ ᠬᠦᠳᠡᠭᠡ ᠶᠢᠨ ᠳᠡᠭᠰᠢ ᠬᠦᠭᠵᠢᠯᠳᠡ ᠶᠢ ᠪᠤᠳᠤᠯᠬᠢᠯᠠᠬᠤ ᠶᠢᠨ ᠬᠠᠮᠳᠦ ᠬᠦᠮᠦᠨ ᠠᠮᠠ ᠶᠢᠨ ᠳᠡᠩᠴᠡᠬᠦᠷᠢ ᠶᠢ | ᠪᠠᠰᠠ ᠪᠤᠳᠤᠯᠬᠢᠯᠠᠬᠤ ᠶᠢ ᠬᠦᠰᠡᠵᠦ ᠪᠤᠢ᠃ | ᠮᠠᠯᠴᠢᠨ᠄ ᠠᠷᠪᠠ ᠶᠢ ᠪᠦᠷᠬᠦᠬᠦᠯᠬᠦ ᠢᠨᠵᠧᠨᠧᠷᠢᠩ ᠢ ᠦᠷᠬᠦᠯᠵᠢᠯᠡᠨ ᠭᠡᠷᠡᠭᠵᠢᠬᠦᠯᠵᠦ᠂ ᠨᠡᠩ ᠤᠯᠠᠨ ᠦᠨᠳᠦᠰᠦᠨ | ᠱᠠᠳᠤᠨ ᠤ ᠮᠠᠯᠴᠢᠨ ᠳᠠᠷᠢᠶᠠᠴᠢᠳ ᠲᠤ ᠠᠰᠢᠭ ᠬᠦᠷᠳᠡᠭᠡᠬᠦ ᠶᠢ ᠬᠦᠰᠡᠵᠦ ᠪᠠᠶᠢᠨᠠ᠃ ᠬᠦᠳᠡᠭᠡ ᠳᠤᠰᠬᠤᠨ ᠮᠠᠯᠵᠢᠬᠤ | ᠤᠷᠤᠨ ᠤ ᠰᠠᠭᠤᠷᠢ ᠳᠦᠭᠦᠭᠡᠷᠦᠮᠵᠢ ᠶᠢ ᠰᠠᠶᠢᠵᠢᠷᠠᠭᠤᠯᠬᠤ ᠨᠢ ᠨᠡᠶᠢᠭᠡᠮ ᠵᠢᠷᠤᠮ ᠤᠨ ᠰᠢᠨᠠ ᠮᠠᠯᠵᠢᠬᠤ ᠳᠠᠷᠢᠶᠠᠯᠠᠬᠤ ᠤᠷᠤᠨ ᠢ | ᠪᠦᠳᠦᠭᠡᠨ ᠪᠠᠶᠢᠭᠤᠯᠬᠤ ᠶᠢᠨ ᠰᠠᠭᠤᠷᠢ ᠪᠤᠯᠬᠤ ᠶᠤᠮ᠃ ᠴᠡᠪᠡᠷ ᠤᠰᠤ ᠤᠤᠭᠤᠵᠦ᠂ ᠴᠡᠬᠢᠯᠭᠠᠨ ᠳ᠋ᠧᠩ ᠭᠡᠷᠡᠭᠯᠡᠵᠦ᠂ | ᠰᠢᠨᠠ ᠤᠷᠤᠨ ᠰᠠᠭᠤᠴᠠ ᠲᠠᠢ᠂ ᠳᠠᠷᠳᠠᠩ ᠰᠠᠷᠠᠭᠤᠯ ᠵᠠᠮ ᠬᠠᠷᠢᠯᠴᠠᠭᠠ ᠲᠠᠢ ᠪᠠᠶᠢᠬᠤ ᠨᠢ ᠪᠢᠳᠡᠨ ᠤ ᠬᠦᠰᠡᠯ᠃ | ᠵᠢᠷᠭᠠᠯ᠄ ᠮᠠᠯᠴᠢᠨ ᠳᠠᠷᠢᠶᠠᠴᠢᠨ ᠳᠤ ᠦᠨᠡᠨᠬᠦ ᠪᠤᠳᠠᠳᠠᠢ ᠠᠵᠢᠯ ᠬᠢᠬᠦ ᠳᠤ ᠭᠠᠴᠠᠭᠠᠨ ᠳᠠᠷᠤᠭᠠ ᠶᠢᠨ ᠰᠤᠩᠭᠤᠭᠤᠯᠢ ᠶᠢ | ᠴᠢᠩᠭᠠᠳᠬᠠᠵᠦ᠂ ᠭᠠᠴᠠᠭᠠᠨ ᠳᠠᠷᠤᠭᠠ ᠶᠢ ᠤᠯᠠᠮ ᠵᠠᠯᠠᠭᠤ᠂ ᠴᠢᠳᠠᠪᠤᠷᠢᠳᠠᠢ᠂ ᠠᠵᠢᠯ ᠬᠢᠳᠡᠭ᠂ ᠠᠷᠠᠳ ᠤᠯᠠᠨ ᠤ ᠵᠤᠪᠠᠭᠤᠷᠢ | ᠵᠦᠳᠡᠬᠦᠷᠢ ᠶᠢ ᠦᠨᠡᠨᠬᠦ ᠤᠢᠢᠯᠠᠭᠠᠳᠠᠭ ᠬᠦᠮᠦᠨ ᠢ ᠭᠠᠷᠭᠠᠬᠤ ᠭᠡᠷᠡᠭᠳᠠᠢ᠃ ᠦᠨᠳᠦᠰᠦᠨ ᠱᠠᠳᠤᠨ ᠤ ᠤᠯᠠᠨ ᠳᠦᠮᠡᠨ ᠢ ᠳᠠᠶᠢᠴᠢᠯᠠᠨ | ᠪᠠᠶᠠᠵᠢᠯ ᠤᠨ ᠵᠠᠮ ᠵᠦᠭ ᠬᠦᠳᠦᠯᠳᠡᠭ ᠭᠠᠴᠠᠭᠠᠨ ᠳᠠᠷᠤᠭᠠ ᠮᠠᠰᠢ ᠴᠦᠭᠡᠨ ᠪᠠᠶᠢᠨᠠ᠃ ᠰᠤᠷᠭᠤᠭ᠄ ᠮᠠᠯ ᠤᠨ ᠦᠨᠠ ᠬᠠᠩᠰᠢ ᠶᠢ | ᠶᠠᠭᠠᠬᠢᠵᠦ ᠳᠤᠭᠳᠠᠪᠤᠷᠢᠳᠠᠢ ᠪᠠᠶᠢᠯᠭᠠᠬᠤ᠂ ᠬᠠᠮᠠᠭᠠᠯᠠᠯᠳᠠ ᠶᠢᠨ ᠦᠨᠠ ᠳᠤᠭᠳᠠᠭᠠᠬᠤ ᠶᠢ ᠬᠦᠰᠡᠵᠦ ᠪᠠᠶᠢᠨᠠ᠃ ᠮᠠᠯᠴᠢᠳ ᠮᠠᠯ ᠢᠶᠠᠨ | ᠬᠤᠳᠠᠯᠳᠤᠵᠦ ᠭᠠᠷᠬᠤ ᠦᠭᠡᠢ᠂ ᠠᠵᠦ ᠠᠬᠤᠢ ᠶᠢᠨ ᠤᠷᠤᠯᠭᠠ ᠦᠭᠡᠢ ᠳᠡᠭᠡᠷᠠ ᠪᠠᠨ ᠴᠠᠰᠤ ᠵᠤᠳ ᠪᠤᠯᠪᠠᠯ ᠬᠤᠳᠠᠯᠳᠤᠵᠦ ᠭᠠᠷᠤᠭᠰᠠᠨ | ᠦᠭᠡᠢ ᠮᠠᠯ ᠨᠢ ᠤᠨᠳᠤᠷᠴᠤ ᠳᠠᠶᠢᠯᠬᠦ ᠦᠭᠡᠢ ᠳᠠᠪᠬᠤᠷ ᠵᠤᠪᠠᠯᠠᠩ ᠳᠤ ᠤᠨᠠᠵᠦ ᠪᠤᠢ᠃ ᠡᠨᠡ ᠳᠠᠯᠠ ᠶᠢᠨ ᠠᠰᠠᠭᠤᠳᠠᠯ ᠢ ᠬᠦᠨᠳᠦᠳᠭᠡᠵᠦ | ᠦᠵᠡᠬᠦ ᠶᠢ ᠬᠦᠰᠡᠵᠦ ᠪᠠᠶᠢᠨᠠ᠃ | |