ᠤᠡᠭᠨᠢᠭᠤᠳ ᠵᠡᠭᠦᠨ ᠬᠤᠰᠢᠭᠤ ᠶᠢᠨ ᠬᠠᠮᠤᠭ ᠰᠡᠭᠦᠯᠴᠢ ᠶᠢᠨ ᠸᠠᠩ ᠯᠾᠡᠴᠢᠨᠸᠠᠩᠴᠤᠭ ᠤᠨ ᠤᠭ ᠨᠡᠷᠡ ᠨᠢ | ᠸᠠᠩᠳᠤᠳᠨᠠᠮᠵᠢᠯ᠂ ᠬᠢᠲᠠᠳ ᠨᠡᠷᠡ ᠨᠢ ᠪᠤᠤ ᠬᠤᠨᠭ᠌ ᠡᠸ᠋ᠨ ᠬᠡᠨᠡ᠃ ᠲᠡᠷᠡ ᠴᠢᠩ ᠤᠯᠤᠰ ᠤᠨ ᠪᠠᠳᠠᠷᠡᠭᠤᠯᠳᠤ ᠲᠦᠷᠦ ᠶᠢᠨ 25 | ᠤᠨ(1899 ᠤᠨ ) ᠳᠤ ᠲᠦᠷᠦᠵᠡᠢ᠃ | ᠯᠾᠡᠴᠢᠨᠸᠠᠩᠴᠤᠭ ᠸᠠᠩ ᠠᠷᠪᠠᠨ ᠳᠤᠯᠤᠭᠠᠲᠠᠢ( ᠢᠷᠭᠡᠨ ᠤᠯᠤᠰ ᠤᠨ ᠭᠤᠷᠪᠠᠳᠤᠭᠠᠷ ᠤᠨ) ᠳᠤ ᠬᠠᠷᠠᠴᠢᠨ | ᠪᠠᠷᠠᠭᠤᠨ ᠭᠠᠷ ᠤᠨ ᠬᠤᠰᠢᠭᠤᠨ ᠤ ᠸᠠᠩ ᠬᠦᠡᠭᠰᠡᠩᠨᠤᠷᠪᠤ ᠶᠢᠨ ᠳᠤᠯᠤᠳᠤᠭᠠᠷ ᠬᠡᠤᠬᠡᠨ ᠳᠡᠭᠦᠤ ᠡᠤ ᠰᠢᠶᠠᠩ ᠵᠧᠨ ᠲᠠᠢ | ᠪᠡᠭᠡᠵᠢᠩ ᠳᠤ ᠤᠷᠤᠬᠯᠠᠪᠠ᠃ ᠲᠤᠬᠠᠢ ᠶᠢᠨ ᠦᠶᠡ ᠳᠤ ᠡᠦ ᠰᠢᠶᠡᠩ ᠵᠧᠨ ᠪᠡᠭᠡᠵᠢᠩ ᠳᠠᠬᠢ ᠮᠤᠩᠭᠤᠯ ᠲᠦᠪᠡᠳ ᠤᠨ | ᠰᠤᠷᠭᠠᠭᠤᠯᠢ ᠳᠤ ᠪᠢᠴᠢᠭ ᠦᠵᠡᠵᠤ ᠪᠠᠶᠢᠵᠠᠢ᠃ ᠡᠦ ᠰᠢᠶᠠᠩ ᠵᠧᠨ ᠦᠨᠳᠤᠷ ᠰᠤᠶᠤᠯ ᠲᠠᠢ ᠂ ᠮᠤᠩᠭᠤᠯ ᠡᠮᠨᠡᠯᠭᠡ ᠳᠤ ᠪᠠᠰᠠ | ᠰᠠᠶᠢᠨ ᠨᠡᠪᠲᠡᠷᠡᠭᠰᠡᠨ ᠬᠦᠮᠦᠨ ᠲᠤᠯᠠ ᠨᠡᠶᠢᠬᠡᠮ ᠤᠨ ᠬᠠᠷᠢᠯᠴᠠᠭᠠᠨ ᠳᠤ ᠤᠬᠠᠭᠠᠯᠢᠭ᠂ ᠤᠷᠳᠤᠨ ᠤ ᠤᠴᠢᠷ ᠶᠠᠪᠤᠳᠠᠯ ᠢ ᠪᠡᠶᠡ ᠪᠠᠨ | ᠲᠠᠭᠠᠭᠠᠵᠦ ᠰᠶᠢᠳᠪᠦᠷᠢᠯᠡᠵᠤ ᠴᠢᠳᠠᠳᠠᠭ ᠴᠢᠳᠠᠪᠦᠷᠢᠳᠠᠢ ᠡᠮᠡᠭᠲᠡᠢ ᠪᠠᠶᠢᠵᠡᠢ᠃ ᠲᠡᠭᠦᠨ ᠠᠴᠠ ᠬᠤᠶᠠᠷ ᠬᠦᠪᠡᠭᠦᠨ ᠭᠤᠷᠪᠠᠨ | ᠬᠡᠤᠬᠡᠨ ᠲᠠᠢ᠃ ᠤᠤᠭᠠᠨ ᠬᠦᠪᠡᠭᠦᠨ ᠨᠢ ᠯᠾᠠᠸᠠᠩᠳᠤᠷᠵᠢ᠂ ᠬᠤᠶᠠᠳᠤᠭᠠᠷ ᠬᠦᠪᠡᠭᠦᠨ ᠨᠢ ᠴᠠᠭᠠᠨ ᠪᠦᠷᠢᠶᠡ ᠰᠦᠮᠡ ᠶᠢᠨ ᠬᠤᠸᠠᠷᠠᠭ | ᠪᠤᠯᠵᠤ ᠠᠷᠪᠠᠨ ᠬᠡᠳᠤᠨ ᠨᠠᠰᠤᠨ ᠡᠴᠤᠰᠯᠡᠪᠡ᠃ ᠤᠤᠭᠠᠨ ᠬᠡᠤᠬᠡᠨ ᠢᠶᠠᠨ ᠪᠠᠷᠠᠭᠤᠨ ᠪᠠᠭᠠᠷᠢᠨ ᠤ ᠬᠤᠩᠬᠢᠷᠠᠳ ᠨᠠᠢᠮᠠᠨ | ᠰᠤᠮᠤᠨ ᠳᠤ ᠬᠠᠷᠢᠯᠠᠭᠤᠯᠵᠠᠢ᠃ ᠬᠤᠶᠡᠳᠤᠭᠠᠷ ᠬᠡᠤᠬᠡᠨ ᠢᠶᠠᠨ ᠴᠡᠭᠡᠨ ᠳᠤ ᠮᠤᠷᠳᠠᠭᠤᠯᠵᠠᠢ᠃ ᠭᠤᠷᠪᠠᠳᠤᠭᠠᠷ ᠬᠡᠤᠬᠡᠨ ᠨᠢ ᠦᠨᠤ ᠶᠢᠨ | ᠬᠤᠨᠭ᠌ ᠱᠠᠨ ᠳᠤᠭᠤᠷᠢᠭ ᠲᠤ ᠰᠠᠭᠤᠵᠤ ᠪᠠᠶᠢᠨᠠ᠃ | ᠠᠳᠡ ᠶᠠᠷᠢᠬᠤ ᠭᠡᠵᠤ ᠪᠠᠶᠢᠭᠠ ᠬᠦᠮᠦᠨ ᠪᠤᠯ ᠤᠡᠭᠨᠢᠭᠤᠳ ᠵᠡᠭᠦᠨ ᠬᠤᠰᠢᠭᠤ ᠶᠢᠨ ᠬᠠᠮᠤᠭ ᠰᠡᠭᠦᠯᠴᠢ ᠶᠢᠨ ᠸᠠᠩ | ᠯᠾᠡᠴᠢᠨᠸᠠᠩᠴᠤᠭ ᠤᠨ ᠪᠠᠭᠠᠷᠢᠨ ᠳᠤ ᠮᠤᠷᠳᠠᠬᠰᠠᠨ ᠬᠡᠤᠬᠡᠨ ᠬᠡᠰᠢᠮᠠ ᠪᠤᠯᠤᠨᠠ᠃ | ᠢᠷᠭᠡᠨ ᠤᠯᠤᠰ ᠤᠨ ᠳᠤᠮᠳᠠᠴᠢ ᠦᠶᠡ ᠪᠠᠷ ᠬᠡᠰᠢᠮᠠ ᠪᠠᠭᠠᠷᠢᠨ ᠪᠡᠷᠡᠭᠤᠨ ᠬᠤᠰᠢᠭᠤᠨ ᠤ ᠵᠡᠭᠦᠨ ᠨᠠᠢᠮᠠᠨ ᠰᠤᠮᠤ ᠶᠢᠨ | ᠬᠤᠨᠭ᠍ᠭᠤᠷ ᠤᠨ ᠭᠤᠤᠯ ᠤᠨ ᠪᠠᠶᠠᠨᠪᠤᠯᠠᠭ ᠤᠨ ᠠᠶᠢᠯ ᠳᠤ ᠨᠤᠳᠤᠭ ᠲᠠᠢ ᠪᠠᠭᠠᠷᠢᠨ ᠤ ᠵᠡᠭᠦᠨ ᠭᠠᠷ ᠤᠨ ᠮᠡᠶᠢᠷᠡᠨ ᠳᠠᠸᠠᠭᠠᠷᠪᠤ ᠶᠢᠨ | ᠪᠠᠭᠠ ᠬᠦᠪᠡᠭᠦᠨ ᠭᠤᠨᠴᠤᠬᠰᠤᠨᠢᠷᠠᠢ ᠶᠢᠨ ᠶᠡᠭᠡ ᠭᠦᠤ ᠡᠷᠳᠡᠨᠢᠮᠠᠩᠯᠠᠢ ᠲᠠᠢ ᠤᠷᠤᠬᠯᠠᠪᠠ᠃ ᠲᠡᠷᠡ ᠦᠶᠡ ᠳᠤ ᠪᠠᠶᠠᠳ ᠨᠤᠶᠠᠳ ᠤᠨ | ᠬᠡᠤᠬᠡᠳ ᠤᠷᠤᠬᠴᠠᠭᠠᠬᠤ ᠳᠠᠭᠠᠨ ᠡᠬᠦᠳᠡ ᠡᠷᠦᠬᠡ ᠲᠡᠩᠴᠡᠭᠦ᠂ ᠤᠳᠤᠮ ᠰᠠᠶᠢᠲᠠᠢ ᠠᠶᠢᠯ ᠤᠨ ᠬᠡᠤᠬᠡᠨ ᠢ ᠰᠤᠩᠭᠤᠵᠤ᠂ ᠬᠦᠨᠳᠡᠯᠡᠨ | ᠭᠠᠵᠠᠷ ᠬᠠᠷᠢ ᠬᠤᠰᠢᠭᠤᠨ ᠠᠴᠠ ᠪᠡᠷᠢ ᠪᠠᠭᠤᠯᠭᠠᠳᠠᠭ ᠨᠢ ᠵᠦᠡᠭᠳᠡᠭᠡᠨ ᠪᠠᠶᠢᠪᠡ᠃ ᠡᠬᠦᠨ ᠳᠤ᠂ ᠪᠠᠭᠠᠷᠢᠨ ᠪ᠊ ᠪᠤᠷᠵᠢᠭᠢᠨ ᠪᠡ ᠵᠡᠭᠦᠨ | ᠨᠠᠢᠮᠠᠨ ᠰᠤᠮᠤ ᠶᠢᠨ ᠪᠤᠷᠵᠢᠭᠢᠳ ᠬᠤᠭᠤᠷᠤᠨᠳᠦ ᠪᠠᠨ ᠤᠷᠤᠭᠯᠠᠳᠠᠭ ᠦᠭᠡᠢ᠂ ᠤᠴᠢᠷ ᠨᠢ ᠲᠦᠷᠦᠯ ᠭᠡᠳᠡᠭ᠃ ᠵᠡᠭᠦᠨ ᠨᠠᠢᠮᠠᠨ | ᠰᠤᠮᠤ ᠶᠢᠨ ᠪᠤᠷᠵᠢᠭᠢᠨ ᠤᠪᠤᠬᠳᠤ ᠪᠤᠯᠤᠨ ᠠᠤᠬᠠᠨ ᠤ ᠪᠤᠷᠵᠢᠭᠢᠳ ᠮᠦᠨ ᠤᠷᠤᠬᠴᠠᠭᠠᠳᠠᠭ ᠦᠭᠡᠢ᠃ ᠪᠠᠭᠠᠷᠢᠨ ᠪᠤᠯᠤᠨ ᠠᠷᠤ | ᠬᠤᠷᠴᠢᠨ᠂ ᠤᠡᠭᠨᠢᠭᠤᠳ ᠬᠤᠰᠢᠭᠤᠨ ᠤ ᠪᠤᠷᠵᠢᠭᠢᠳ ᠬᠠᠷᠢᠯᠴᠡᠨ ᠤᠷᠤᠬᠴᠠᠭᠠᠵᠤ ᠪᠤᠯᠳᠠᠭ᠂ ᠡᠭᠦᠨ ᠢ ᠤᠷᠤᠭ ᠬᠤᠰᠢᠭᠤ ᠭᠡᠳᠡᠭ | ᠃ ᠡᠷᠳᠡᠨᠢᠮᠠᠩᠯᠠᠢ ᠪᠤᠯᠤᠨ ᠬᠡᠰᠢᠮᠠ ᠶᠢᠨ ᠤᠷᠤᠭ ᠨᠢ ᠲᠡᠳᠡᠨ ᠤ ᠬᠤᠶᠡᠷ ᠶᠡᠭᠡ ᠠᠶᠢᠯ ᠳᠤ ᠠᠪᠴᠤ ᠬᠡᠯᠡᠪᠡᠯ ᠠᠩᠬᠠ ᠡᠬᠦᠰᠦᠭᠰᠡᠨ | ᠶᠠᠪᠤᠳᠠᠯ ᠪᠢᠰᠢ᠂ ᠬᠠᠷᠢᠨ ᠳᠡᠭᠡᠷᠡ ᠦᠶᠡ ᠠᠴᠠ ᠪᠠᠨ ᠤᠷᠤᠬᠴᠠᠭᠠᠵᠤ ᠶᠠᠪᠤᠯᠴᠠᠵᠤ ᠪᠠᠶᠢᠬᠰᠠᠨ ᠬᠠᠭᠤᠴᠢᠨ ᠤᠷᠤᠭ ᠬᠤᠳᠠ | ᠪᠠᠶᠢᠵᠠᠢ᠃ ᠲᠠᠷᠤᠢ ᠡᠷᠳᠡᠨᠢᠮᠠᠩᠯᠠᠢ ᠶᠢᠨ ᠠᠪᠠᠭᠠ ᠠᠪᠤ ᠲᠤᠪᠳᠤᠨ ᠮᠡᠶᠢᠷᠡᠨ ᠤ ᠬᠠᠳᠤᠨ ᠨᠢ ᠴᠦ ᠤᠩᠨᠢᠭᠤᠳ ᠸᠠᠩ ᠤᠨ ᠦᠶᠡᠯᠢᠳ | ᠦᠬᠢᠨ ᠲᠡᠬᠦᠤ ᠨᠢ ᠪᠠᠶᠢᠵᠠᠢ᠃ ᠡᠷᠳᠡᠨᠢᠮᠠᠩᠯᠠᠢ ᠶᠢᠨ ᠳᠡᠭᠡᠳᠤᠰ ᠨᠢ ᠬᠡᠳᠦ᠋ᠢᠪᠡᠷ ᠬᠤᠩᠬᠢᠷᠠᠳ ᠨᠠᠢᠮᠠᠨ ᠰᠤᠮᠤᠨ ᠳᠠᠭᠠᠨ ᠭᠤᠷᠪᠠᠨ | ᠦᠶᠡ ᠲᠤᠰᠠᠯᠠᠬᠴᠢ᠂ ᠶᠢᠰᠤᠨ ᠦᠶᠡ ᠮᠡᠶᠢᠷᠡᠨ ᠰᠠᠠᠭᠤᠬᠰᠠᠨ ᠪᠠᠶᠠᠨ ᠨᠤᠶᠠᠨ ᠤᠳᠤᠮᠳᠤ ᠠᠶᠢᠯ ᠭᠡᠳᠡᠭ ᠴᠤ ᠢᠷᠭᠡᠨ ᠤᠯᠤᠰ ᠤᠨ | ᠳᠤᠮᠳᠠᠴᠢ ᠦᠶᠡ ᠪᠤᠯᠬᠤ ᠳᠤ ᠶᠠᠳᠠᠭᠤᠷᠠᠬᠤ ᠬᠠᠨᠳᠤᠰᠢ ᠭᠠᠷᠴᠤ᠂ ᠲᠡᠭᠦᠨ ᠤ ᠠᠪᠠᠭᠠ ᠳᠤᠪᠳᠤᠨ ᠨᠢ ᠴᠤ ᠬᠠᠶᠢᠷᠡ ᠶᠢᠨ ᠮᠡᠶᠢᠷᠡᠨ | ᠳᠡᠳᠤᠢ ᠪᠤᠯᠵᠠᠢ᠃ ᠭᠡᠪᠡᠴᠤ ᠲᠡᠳᠡᠨ ᠤ ᠬᠢᠨ ᠤᠡᠭᠨᠢᠭᠤᠳ ᠸᠠᠩ ᠯᠤᠭᠠ ᠶᠢᠨ ᠬᠠᠷᠢᠴᠠᠭᠠ ᠠᠮᠢᠳᠤᠷᠠᠯ ᠤᠨ ᠪᠠᠶᠠᠨ ᠪᠡ ᠶᠡᠳᠠᠭᠤ ᠶᠢᠨ | ᠬᠤᠪᠢᠷᠠᠯᠳᠠ ᠪᠤᠯᠤᠨ ᠲᠦᠷᠦ ᠬᠦᠷᠦᠨ ᠤ ᠬᠤᠪᠢᠰᠤᠯ ᠢᠶᠠᠷ ᠭᠠᠵᠢᠬᠰᠠᠨ ᠦᠬᠡᠢ᠂ ᠮᠦᠨ ᠯᠡ ᠮᠤᠩᠭᠤᠯ ᠵᠠᠩ ᠢᠶᠠᠷ ᠢᠶᠠᠨ ᠰᠠᠶᠢᠬᠠᠨ | ᠶᠠᠪᠤᠯᠴᠠᠬᠰᠠᠭᠠᠷ ᠢᠷᠡᠵᠠᠢ᠃ ᠡᠷᠳᠡᠨᠢᠮᠠᠩᠯᠠᠢ ᠶᠢ ᠤᠷᠤᠭ ᠪᠠᠷᠢᠯᠳᠤᠬᠤ ᠦᠶᠡ ᠳᠤ ᠲᠡᠭᠦᠨ ᠤ ᠡᠴᠢᠭᠡ ᠭᠤᠨᠴᠤᠬᠰᠤᠨᠢᠷᠠᠢ ᠨᠢ ᠵᠡᠭᠦᠨ | ᠪᠠᠭᠠᠷᠢᠨ ᠤ ᠴᠠᠭᠠᠬᠤᠰᠤ ᠳᠤ ᠬᠠᠳᠠᠮ ᠤᠨ ᠳᠠᠭᠠᠨ ᠤᠴᠢᠬᠤ ᠳᠤ ᠯᠢᠤ ᠬᠦᠢ ᠲᠡᠩ ᠤᠨ ᠳᠡᠭᠡᠷᠡᠮ ᠢᠷᠡᠬᠦ ᠲᠠᠢ ᠬᠠᠷᠭᠤᠵᠦ᠂ | ᠪᠤᠯᠢᠶᠠᠬᠳᠠᠬᠤ ᠪᠤᠯᠤᠬᠰᠠᠨ ᠮᠤᠷᠢᠨ ᠤ ᠪᠠᠨ ᠡᠮᠡᠭᠡᠯ ᠬᠠᠵᠠᠭᠠᠷ ᠢ ᠨᠢ ᠮᠤᠯᠳᠤᠯᠤᠨ ᠲᠡᠯᠪᠢᠵᠤ ᠶᠠᠪᠤᠭᠤᠯᠤᠬᠰᠠᠨ ᠳᠤ | ᠤᠯᠠᠩᠭᠠᠰᠤᠬᠰᠠᠨ ᠳᠡᠭᠡᠷᠡᠮ ᠳᠤ ᠫᠤᠤᠳᠠᠬᠳᠠᠨ ᠠᠯᠠᠬᠳᠠᠭᠠᠳ ᠪᠠᠶᠢᠬᠰᠠᠨ ᠶᠤᠮ᠃ ᠡᠴᠢᠭᠡ ᠨᠢ ᠦᠭᠡᠢ ᠪᠤᠯᠤᠬᠰᠠᠨ ᠳᠤᠯᠠ ᠠᠪᠠᠭᠠ | ᠠᠪᠤ ᠨᠢ ᠳᠤᠪᠳᠤᠨ ᠮᠡᠶᠢᠷᠡᠨ ᠠᠴᠢ ᠬᠦᠤ ᠶᠢᠨ ᠢᠶᠠᠨ ᠤᠷᠤᠭ ᠢ ᠰᠠᠶᠢᠬᠠᠨ ᠪᠦᠳᠤᠭᠡᠬᠦ ᠶᠢᠨ ᠲᠦᠯᠦᠭᠡ ᠲᠡᠳᠡᠨ ᠤ ᠭᠡᠷ ᠤᠨ | ᠬᠠᠷᠢᠶᠠᠳᠤ ᠨᠠᠯᠦ᠋ᠢᠳ ᠤᠪᠤᠭ ᠲᠠᠢ ᠮᠠᠰᠢᠪᠠᠶᠠᠷ ᠢ ᠵᠠᠭᠤᠴᠢ ᠳᠤ ᠶᠠᠪᠤᠭᠤᠯᠵᠤ᠂ ᠬᠤᠷᠢᠮ ᠤᠨ ᠶᠠᠪᠤᠳᠠᠯ ᠢ ᠪᠦᠳᠦᠬᠡᠯᠬᠡᠵᠠᠢ᠃ | ᠮᠠᠰᠢᠪᠠᠶᠠᠷ ᠲᠤᠰ ᠬᠤᠶᠡᠷ ᠭᠡᠷ ᠤᠨ ᠤᠴᠢᠷ ᠶᠠᠪᠤᠳᠠᠯ ᠳᠤ ᠤᠯᠠᠨ ᠤᠳᠠᠭᠠ ᠶᠠᠪᠤᠵᠤ ᠦᠡᠭᠭᠡᠷᠡᠭᠰᠡᠨ ᠬᠤᠶᠠᠷ ᠲᠠᠯᠠ ᠳᠤ | ᠢᠲᠡᠭᠡᠯ ᠲᠠᠢ ᠬᠦᠮᠦᠨ ᠪᠤᠯᠬᠤᠷ ᠲᠡᠳᠡᠨ ᠤ ᠡᠮᠦᠨᠠ ᠠᠴᠠ ᠤᠯᠠᠨᠳᠠ ᠶᠠᠪᠤᠵᠦ ᠤᠷᠤᠭ ᠬᠤᠷᠢᠮ ᠢ ᠰᠠᠶᠢᠬᠠᠨ ᠪᠦᠳᠦᠭᠡᠵᠠᠢ᠃ | ᠡᠷᠳᠡᠨᠢᠮᠠᠩᠯᠠᠢ ᠶᠢᠨ ᠤᠷᠤᠭ ᠬᠤᠷᠢᠮ ᠳᠤ ᠬᠤᠷᠢ ᠰᠢᠬᠠᠮ ᠬᠦᠮᠦᠨ ᠮᠤᠷᠢᠳ ᠢᠶᠠᠷ ᠶᠠᠪᠤᠵᠤ᠂ ᠨᠤᠳᠤᠭ ᠤᠨ ᠨᠡᠷᠡᠳᠤ ᠪᠠᠶᠠᠨ | ᠳᠧᠷᠳᠠᠭ ᠮᠤᠭᠤᠨᠳᠠ ᠲᠦᠷᠦᠭᠦᠤ ᠨᠤᠶᠠᠨ ᠢᠶᠠᠷ᠂ ᠨᠠᠯᠦ᠋ᠢᠳ ᠠᠶᠢᠮᠠᠭ ᠤᠨ ᠴᠦᠢᠵᠢᠯᠵᠠᠪ ᠵᠠᠯᠠᠨ ᠬᠤᠷᠢᠮ ᠲᠦᠬᠦᠬᠡᠷᠴᠦ ᠶᠠᠪᠤᠵᠠᠢ᠃ | ᠤᠩᠨᠢᠭᠤᠳ ᠸᠠᠩ ᠤᠨ ᠲᠤᠷᠠᠳᠤᠯᠭᠠ ᠪᠠᠷ ᠬᠡᠰᠢᠮᠠ ᠶᠢ ᠳᠧᠷᠳᠠᠭ ᠪᠡᠶᠡᠨ ᠳᠤ ᠮᠦᠷᠭᠦᠭᠦᠯᠵᠡᠢ᠃ ᠳᠧᠷᠳᠠᠭ ᠮᠤᠭᠤᠨᠳᠠ | ᠮᠦᠷᠭᠦᠭᠦᠯᠦᠭᠰᠡᠨ ᠦᠬᠢᠨ ᠳᠡᠭᠡᠨ ᠦᠬᠡᠷ ᠤᠨ ᠡᠷᠭᠢᠯᠲᠡ ᠭᠦᠢᠴᠡᠳᠬᠡᠵᠡᠢ᠃ ᠬᠤᠷᠢᠮ ᠤᠨ ᠳᠠᠷᠠᠭᠠ ᠨᠢ ᠳᠧᠷᠳᠠᠭ ᠤᠨ ᠬᠦᠭᠰᠢᠨ | ᠶᠢᠨᠳᠡᠷᠮᠠ ᠨᠢ ︽ᠪᠤᠷᠵᠢᠭᠢᠨ ᠤ ᠪᠡᠷᠢ ᠶᠢ ᠪᠤᠷᠵᠢᠭᠢᠨ ᠳᠤ ᠮᠦᠷᠭᠦᠭᠦᠯᠤᠯᠡ︾ ᠬᠡᠮᠡᠨ ᠶᠡᠬᠡᠲᠡ ᠠᠭᠤᠷᠰᠠᠵᠤ᠂ ᠪᠠᠷᠢᠬᠰᠠᠨ | ᠠᠷᠢᠬᠢ ᠶᠢ ᠨᠢ ᠠᠯᠠᠭᠠᠳᠠᠨ ᠶᠠᠪᠤᠭᠤᠯᠵᠤ᠄ ︽ᠳᠤᠪᠳᠤᠨ ᠮᠡᠶᠢᠷᠡᠨ ᠳᠠᠭᠠᠨ ᠬᠡᠯᠡᠵᠤ ᠦᠭ᠂ ᠭᠠᠨᠵᠤᠤᠷ ︵ ᠲᠡᠬᠦᠨ ᠤ | ᠬᠦᠪᠡᠬᠦᠨ︶ ᠤᠨ ᠦᠬᠢᠨ ᠢ ᠬᠦᠤ ᠳᠡᠭᠡᠨ ᠭᠤᠶᠤ ᠬᠡ ︾ ᠬᠡᠵᠦ ᠵᠠᠩᠨᠠᠵᠠᠢ᠃ ᠡᠷᠳᠡᠨᠢᠮᠠᠩᠯᠠᠢ ᠬᠦᠴᠤᠨ ᠬᠦᠷᠭᠡᠨ ᠨᠢ ᠪᠤᠯᠵᠤ | ᠤᠡᠭᠨᠢᠭᠤᠳ ᠸᠠᠩ ᠤᠨ ᠤᠷᠳᠤᠨ ᠳᠤ ᠠᠮᠢᠳᠤᠷᠠᠵᠠᠢ᠃ ᠬᠤᠷᠢᠮ ᠤᠨ ᠲᠠᠷᠠᠭᠠ ᠤᠡᠭᠨᠢᠭᠤᠳ ᠸᠠᠩ ᠴᠤ ᠦᠬᠢᠨ ᠬᠡᠰᠢᠮᠠ ᠪᠠᠨ | ᠮᠠᠰᠢᠪᠠᠶᠠᠷ ᠲᠤ ᠬᠡᠤᠬᠡᠨ ᠲᠠᠨᠢᠭᠤᠯᠵᠠᠢ᠃ ᠡᠷᠳᠡᠨᠢᠮᠠᠩᠯᠠᠢ ᠦᠨᠳᠤᠷ ᠲᠤᠮᠳᠠ ᠶᠢᠨ ᠪᠡᠶᠡ ᠲᠠᠢ᠂ ᠪᠤᠰᠤᠭᠠ ᠳᠦᠷᠪᠡᠯᠵᠢᠨ ᠴᠢᠷᠠᠢ ᠲᠠᠢ᠂ | ᠵᠢᠪᠬᠤᠭᠠᠯᠢᠭ ᠲᠦᠷᠦᠭᠰᠡᠨ ᠬᠦᠮᠦᠨ ᠪᠦᠭᠡᠳ ᠤᠬᠰᠠᠭᠠᠳᠤ ᠠᠶᠢᠯ ᠤᠨ ᠦᠷᠡᠳᠦᠰ ᠪᠤᠯᠬᠤᠷ ᠰᠤᠶᠤᠯ ᠪᠢᠴᠢᠭ ᠲᠠᠢ᠂ ᠶᠤᠰᠤ | ᠤᠴᠢᠷ ᠮᠡᠳᠡᠳᠡᠭ᠂ ᠳᠠᠷᠤᠤᠬᠠᠨ ᠤᠬᠠᠭᠠᠯᠢᠭ ᠬᠦᠮᠦᠨ ᠪᠠᠶᠢᠵᠠᠢ᠃ | ᠲᠦᠷᠦᠭᠦᠦ ᠵᠠᠭᠤᠨ ᠤ ᠲᠦᠴᠢᠭᠡᠳ ᠤᠨ ᠤ ᠰᠡᠭᠦᠯᠴᠢ ᠪᠠᠷ ᠦᠷᠨᠢᠭᠰᠡᠨ ︽ᠭᠠᠵᠠᠷ ᠰᠢᠷᠤᠢ ᠶᠢᠨ | ᠦᠭᠡᠷᠡᠴᠢᠯᠡᠯᠳᠡ︾ ᠶᠢᠨ ᠬᠦᠳᠡᠯᠭᠡᠭᠡᠨ ᠤ ᠦᠶᠡ ᠳᠤ ᠤᠡᠭᠨᠢᠭᠤᠳ ᠸᠠᠩ ᠤᠨ ᠤᠬᠰᠠᠭᠠ ᠶᠢᠨ ᠬᠤᠪᠢ ᠵᠠᠶᠠᠭᠠ ᠯᠤᠭᠠ ᠠᠳᠠᠯᠢ | ᠵᠤᠳᠤᠬᠳᠠᠨ ᠴᠤᠬᠢᠬᠳᠠᠬᠤ᠂ ᠬᠤᠷᠢᠬᠳᠠᠨ ᠬᠢᠵᠠᠭᠠᠷᠯᠠᠬᠳᠠᠬᠤ ᠬᠤᠪᠢ ᠵᠠᠶᠠᠭᠠ ᠠᠴᠠ ᠪᠠᠨ ᠬᠡᠯᠳᠦᠷᠢᠵᠦ ᠴᠢᠳᠠᠬᠰᠠᠨ ᠦᠬᠡᠢ | ᠲᠡᠮᠡᠴᠡᠯ ᠤᠨ ᠬᠠᠯᠠ ᠶᠢ ᠰᠦᠷᠡᠬᠡᠢ ᠠᠮᠰᠠᠵᠠᠢ᠃ 1947 ᠤᠨ ᠤ ᠦᠶᠡ ᠪᠠᠷ ᠭᠡᠷ ᠤᠨ ᠬᠢᠨ ᠲᠡᠭᠦᠨ ᠤ ᠪᠡᠶᠡ ᠬᠦᠨᠳᠤ ᠰᠦᠷᠡᠭᠡᠢ | ᠭᠡᠮᠳᠤᠯ ᠤᠯᠵᠤ ᠬᠡᠪᠲᠡᠭᠡ ᠪᠤᠯᠵᠡᠢ ᠭᠡᠬᠦ ᠰᠤᠷᠠᠭ ᠢ ᠰᠤᠨᠤᠰᠤᠭᠠᠳ ᠲᠡᠭᠦᠨ ᠤ ᠲᠡᠭᠦᠤ ᠪᠠᠶᠠᠷᠮᠠᠩᠯᠠᠢ ᠨᠢ ᠠᠶᠢᠯ ᠤᠨ ᠬᠦᠮᠦᠨ | ᠮᠤᠤᠡᠦ᠋ᠬᠢᠨ ᠲᠠᠢ ᠬᠠᠮᠳᠤ ᠦᠬᠡᠷ ᠲᠡᠷᠭᠡ ᠪᠠᠷ ᠤᠡᠭᠨᠢᠭᠤᠳ ᠲᠤ ᠶᠠᠪᠤᠵᠤ ᠵᠡᠮᠳᠡᠭ ᠪᠤᠯᠤᠭᠠᠳ ᠬᠡᠪᠳᠡᠷᠢ ᠳᠤ ᠤᠷᠤᠬᠰᠠᠨ ᠠᠬᠠ | ᠡᠷᠳᠡᠨᠢᠮᠠᠩᠯᠠᠢ ᠪᠠᠨ ᠭᠡᠷ ᠲᠡᠭᠡᠨ ᠲᠤᠰᠵᠦ ᠠᠪᠴᠢᠷᠠᠵᠠᠢ᠃ ᠲᠡᠷᠡ ᠦᠶᠡ ᠳᠤ ᠬᠡᠰᠢᠮᠠ ᠡᠷᠳᠡᠨᠢᠮᠠᠩᠯᠠᠢ ᠯᠤᠭᠠ ᠬᠠᠮᠳᠤ ᠪᠠᠶᠢᠬᠰᠠᠨ | ᠦᠭᠡᠢ ᠲᠤᠯᠠ ᠬᠠᠮᠳᠤ ᠢᠷᠡᠵᠤ ᠴᠢᠳᠠᠬᠰᠠᠨ ᠦᠭᠡᠢ᠃ ᠰᠡᠭᠦᠯᠡᠷ ᠨᠢ ᠬᠡᠰᠢᠮᠠ ᠶᠢᠨ ᠰᠤᠷᠠᠭ ᠢ ᠤᠯᠵᠤ ᠳᠠᠬᠢᠨᠳᠠ ᠤᠡᠭᠨᠢᠭᠤᠳ ᠲᠤ | ᠤᠴᠢᠵᠤ ᠬᠡᠰᠢᠮᠠ ᠶᠢ ᠲᠤᠰᠴᠤ ᠠᠪᠴᠢᠷᠠᠵᠠᠢ᠃ ᠬᠡᠰᠢᠮᠠ ᠡᠷᠳᠡᠨᠢᠮᠠᠩᠯᠠᠢ ᠶᠢᠨ ᠵᠠᠬᠠ ᠳᠤ ᠢᠷᠡᠭᠡᠳ ᠨᠢᠭᠡ ᠪᠦᠬᠦᠯᠢ ᠵᠢᠯ ᠠᠷᠠᠢ | ᠪᠤᠯᠤᠭᠠᠳᠤᠢ ᠪᠠᠷ ᠡᠷᠳᠡᠨᠢᠮᠠᠩᠯᠠᠢ ᠵᠠᠯᠠᠭᠤ ᠪᠠᠷ ᠢᠶᠠᠨ ᠨᠠᠰᠤ ᠪᠠᠷᠠᠪᠡ᠃ | ᠵᠠᠯᠠᠭᠤ ᠨᠠᠰᠤᠨ ᠳᠠᠭᠠᠨ ᠠᠪᠤ ᠡᠵᠢ᠂ ᠡᠷᠡ ᠨᠦᠭᠦᠷ᠂ ᠠᠬᠠ ᠲᠡᠬᠦᠤ ᠰᠠᠳᠤᠨ ᠠᠴᠠ ᠪᠠᠨ ᠰᠠᠯᠤᠬᠰᠠᠨ ᠬᠡᠰᠢᠮᠠ ᠶᠢᠨ | ᠬᠠᠳᠠᠮ ᠤᠨ ᠭᠡᠷ ᠤᠨ ᠬᠢᠨᠢ ᠬᠦᠮᠦᠨ ᠠᠮᠠ ᠤᠯᠠᠨ᠂ ᠠᠮᠢᠳᠤᠷᠠᠯ ᠴᠤ ᠡᠯᠪᠡᠭ ᠳᠡᠯᠪᠡᠭ ᠪᠢᠰᠢ ᠳᠤᠯᠠ ᠲᠡᠭᠦᠨ ᠤ ᠠᠮᠢᠳᠤᠷᠠᠯ ᠨᠡᠩ | ᠬᠦᠴᠢᠷ ᠲᠠᠢ ᠪᠤᠯᠪᠠ᠃ ᠡᠨᠡ ᠦᠶᠡ ᠳᠤ ᠳᠤᠮᠳᠠ ᠶᠢᠨ ᠠᠮᠢᠳᠤᠷᠠᠯᠭᠠ ᠲᠠᠢ ᠲᠠᠨᠢᠬᠰᠠᠨ ᠠᠪᠤ ᠨᠢ ᠮᠠᠰᠢᠪᠠᠶᠠᠷ ᠭᠡᠷ ᠲᠡᠭᠡᠨ ᠲᠤᠰᠴᠤ | ᠠᠪᠴᠢᠷᠠᠭᠠᠳ ᠬᠠᠭᠠᠰ ᠵᠢᠯ ᠰᠢᠬᠠᠮ ᠪᠤᠯᠤᠬᠰᠠᠨ ᠤ ᠳᠠᠷᠠᠭᠠ ᠤᠨᠳᠤᠷᠤᠯᠭᠠ ᠪᠠᠷ ᠳᠠᠪᠠᠭᠤ ᠰᠢᠭ᠋ ᠠᠶᠢᠯ ᠢ ᠡᠷᠢᠵᠤ᠂ | ᠪᠠᠶᠠᠨᠰᠠᠷᠠᠭᠤᠯ ᠤᠨ ᠠᠶᠢᠯ ᠤᠨ ᠡᠬᠡᠨᠠᠷ ᠨᠢ ᠦᠡᠭᠭᠡᠷᠡᠭᠰᠡᠨ ᠪᠦᠷᠢᠨᠡ ᠲᠠᠢ ᠬᠤᠷᠢᠮᠯᠠᠭᠤᠯᠵᠠᠢ᠃ ᠪᠦᠷᠢᠨᠡ ᠮᠠᠨᠵᠤ ᠤᠯᠤᠰ ᠤᠨ ᠦᠶᠡ | ᠳᠤ ᠠᠯᠪᠠ ᠬᠠᠭᠠᠵᠤ ᠪᠠᠶᠢᠬᠰᠠᠨ ᠲᠤᠯᠠ ᠳᠤᠬᠠᠢ ᠶᠢᠨ ᠦᠶᠡ ᠳᠤ ᠮᠦᠨ ᠪᠤᠷᠤᠭᠤᠰᠢᠶᠠᠬᠳᠠᠬᠤ ᠡᠲᠡᠭᠡᠳ ᠪᠤᠯᠵᠤ ᠪᠠᠶᠢᠬᠰᠠᠨ ᠢᠶᠠᠨ | ᠰᠡᠬᠦᠯᠡᠷ ᠨᠢ ᠡᠪᠡᠳᠴᠢᠨ ᠢᠶᠠᠷ ᠨᠠᠰᠤ ᠪᠠᠷᠠᠵᠠᠢ᠃ ᠬᠡᠰᠢᠮᠠ ᠳᠠᠬᠢᠨ ᠪᠤᠷᠤᠡᠤᠰᠤ ᠶᠢᠨ ᠤᠪᠤᠭᠠᠳᠤ ᠶᠢᠨ ᠲᠡᠨᠵᠢ ᠶᠢᠨ ᠠᠶᠢᠯ ᠤᠨ | ᠹᠦᠨᠢᠩᠭᠠ ᠶᠢᠨ ᠬᠦᠤ ᠭᠤᠶᠢᠷᠤᠪ ᠲᠠᠢ ᠵᠠᠯᠭᠠᠵᠤ ᠰᠠᠭᠤᠵᠠᠢ᠃ ᠭᠤᠶᠢᠷᠤᠪ ᠴᠤ ᠡᠬᠡᠨᠠᠷ ᠦᠡᠭᠭᠡᠷᠡᠭᠦᠯᠦᠭᠰᠡᠨ ᠬᠦᠮᠦᠨ ᠳᠤᠯᠠ | ᠲᠦᠷᠦᠭᠦᠤ ᠡᠬᠡᠨᠠᠷ ᠠᠴᠠ ᠨᠢ ᠭᠤᠷᠪᠠᠨ ᠬᠡᠦᠬᠡᠨ ᠲᠠᠢ ᠪᠠᠶᠢᠵᠠᠢ᠃ ᠬᠡᠰᠢᠮᠠ ᠠᠴᠠ ᠬᠡᠦᠬᠡᠳ ᠦᠬᠡᠢ᠃ | ᠪᠠᠶᠠᠨᠰᠠᠷᠠᠭᠤᠯ ᠪᠤᠯᠤᠨ ᠤᠪᠤᠭᠠᠳᠤ ᠶᠢᠨ ᠠᠶᠢᠯ ᠤᠨ ᠬᠦᠮᠦᠰ ᠤᠨ ᠬᠡᠯᠡᠬᠦ ᠪᠠᠷ ᠬᠡᠰᠢᠮᠠ ᠬᠢᠲᠠᠳ ᠮᠤᠩᠭᠤᠯ | ᠪᠢᠴᠢᠭ ᠲᠠᠢ᠃ ᠲᠡᠷᠡ ᠦᠶᠡ ᠳᠤ ᠦᠰᠦᠭ ᠪᠢᠴᠢᠭ ᠮᠡᠳᠡᠬᠦ ᠬᠦᠮᠦᠨ ᠴᠦᠬᠡᠨ ᠲᠤᠯᠠ ᠬᠦᠮᠦᠰ ᠳᠤᠩ ᠰᠤᠨᠢᠷᠬᠠᠵᠤ ᠪᠠᠶᠢᠵᠠᠢ᠃ | ᠦᠨᠡᠨ ᠳᠡᠭᠡᠨ ᠲᠡᠷᠡ ᠢᠵᠠᠭᠤᠷᠳᠠᠨ ᠤ ᠭᠦᠨ ᠤᠷᠳᠤᠨ ᠳᠤ ᠲᠦᠷᠦᠵᠦ ᠦᠰᠦᠭᠰᠡᠨ ᠬᠦᠮᠦᠨ ᠲᠤᠯᠠ ᠰᠤᠶᠤᠯ ᠪᠢᠴᠢᠭ ᠰᠤᠷᠬᠤ | ᠨᠦᠭᠦᠴᠡᠯ ᠲᠠᠢ ᠪᠠᠶᠢᠭᠰᠠᠨ ᠨᠢ ᠡᠩ ᠤᠨ ᠤᠴᠢᠷ ᠶᠤᠮ᠃ ᠪᠠᠰᠠ ᠨᠢᠭᠡ ᠰᠤᠨᠢᠷᠬᠠᠳᠠᠭ ᠨᠢ ᠬᠤᠭᠤᠯᠠ ᠪᠤᠳᠠᠭᠠ ᠬᠢᠬᠦ᠂ ᠮᠠᠯ | ᠰᠦᠷᠦᠭ ᠡᠷᠭᠢᠴᠡᠭᠦᠯᠬᠦ ᠳᠤ ᠳᠤᠩ ᠤᠯᠳᠤᠢ ᠭᠡᠳᠡᠭ᠃ ᠡᠨᠡ ᠨᠢ ᠴᠤ ᠲᠡᠭᠦᠨ ᠤ ᠦᠰᠴᠤ ᠪᠤᠶᠢᠵᠢᠬᠰᠠᠨ ᠤᠷᠴᠢᠨ | ᠲᠤᠭᠤᠷᠢᠨ ᠲᠠᠢ ᠬᠤᠯᠪᠤᠭᠠ ᠲᠠᠢ ᠨᠢ ᠮᠡᠳᠡᠭᠡᠵᠢ᠃ | ᠪᠠᠭᠠᠷᠢᠨ ᠳᠤ ᠠᠮᠢᠳᠤᠷᠠᠬᠰᠠᠨ ᠤᠡᠭᠨᠢᠭᠤᠳ ᠸᠠᠩ ᠤᠨ ᠦᠬᠢᠨ ᠬᠡᠰᠢᠮᠠ ᠪᠠᠭᠠᠷᠢᠨ ᠳᠤ ᠢᠷᠡᠵᠦ ᠠᠷᠪᠠᠭᠠᠳ ᠵᠢᠯ | ᠠᠮᠢᠳᠤᠷᠠᠭᠠᠳ ᠡᠮᠦᠨᠡ ᠵᠠᠭᠤᠨ ᠤ ᠵᠢᠷᠠᠭᠠᠳ ᠤᠨ ᠤ ᠡᠬᠢ ᠪᠠᠷ ᠨᠠᠰᠤ ᠪᠠᠷᠠᠵᠠᠢ᠃ | ᠵᠡᠭᠦᠯᠲᠡ᠄ | 1. ᠤᠡᠭᠨᠢᠭᠤᠳ ᠬᠤᠰᠢᠭᠤᠨ ᠤ ᠰᠤᠶᠤᠯ ᠲᠡᠤᠬᠡ ︵1︶ ᠶᠢᠨ 241 ᠳ᠋ᠤᠭᠡᠷ ᠨᠢᠭᠤᠷ᠃ | |