ᠴᠠᠭᠠᠨ ᠰᠦᠷᠦᠭ ᠤᠨ ᠲᠠᠶᠢᠯᠭᠠ ᠨᠢ ᠢᠰᠡᠭᠡᠢ ᠲᠤᠭᠤᠷᠭᠠᠳᠠᠨ ᠳᠤ ᠠᠪᠴᠦ ᠬᠡᠯᠡᠪᠡᠯ ᠬᠠᠮᠤᠭ ᠤᠨ ᠶᠡᠬᠡ ᠲᠠᠶᠢᠯᠭᠠ ᠪᠤᠯᠬᠤ | ᠶᠤᠮ᠃ ᠡᠨᠡ ᠨᠢ ᠮᠦᠨᠴᠦ ᠬᠤᠪᠢᠯᠠᠢ ᠰᠡᠴᠡᠨ ᠬᠠᠭᠠᠨ ᠡᠴᠡ ᠵᠠᠷᠯᠢᠭ ᠢᠶᠡᠷ ᠲᠤᠭᠲᠠᠭᠠᠭᠰᠠᠨ ᠲᠦᠷᠪᠡᠨ ᠴᠠᠭ ᠤᠨ ᠬᠤᠷᠢᠮ ᠤᠨ | ᠬᠠᠪᠤᠷ ᠤᠨ ᠤᠯᠠᠷᠢᠯ ᠤᠨ ᠶᠡᠬᠡ ᠲᠠᠶᠢᠯᠭᠠ ᠪᠤᠯᠤᠨᠠ᠃ ᠡᠨᠡ ᠲᠠᠶᠢᠯᠭᠠ ᠶᠢᠨ ᠦᠪᠡᠳᠡᠭᠰᠢ ᠶᠡᠬᠡ ᠶᠢ | ᠶᠡᠬᠡ ᠠᠯᠪᠠ ᠳᠤ《ᠨᠠᠭᠤᠷ ᠤᠨ ᠶᠡᠬᠡ ᠬᠤᠷᠢᠮ ᠳᠤ ᠤᠷᠳᠤᠰ ᠲᠦᠮᠡᠨ ᠨᠢᠭᠡᠨ ᠮᠤᠷᠢ᠂ ᠨᠢᠭᠡᠨ ᠵᠠᠭᠤᠨ ᠠᠷᠢᠬᠢ᠂ ᠤᠷᠢᠶᠠᠩᠬᠠᠨ ᠴᠠᠬᠠᠷ | ᠠᠳᠠᠯᠢ ᠨᠢᠭᠡᠨ ᠮᠤᠷᠢ ᠨᠢᠭᠡᠨ ᠵᠠᠭᠤᠨ ᠠᠷᠢᠬᠢ᠂ ᠡᠨᠡ ᠭᠤᠷᠪᠠᠨ ᠲᠦᠮᠡᠨ ᠢ ᠭᠤᠷᠪᠠᠨ ᠮᠤᠷᠢ ᠭᠤᠷᠪᠠᠨ ᠵᠠᠭᠤᠨ ᠠᠷᠢᠬᠢ᠂ ᠶᠦᠩᠰᠢᠶᠠᠪᠤ | ᠭᠤᠷᠪᠠᠨ ᠮᠤᠷᠢ᠂ ᠭᠤᠷᠪᠠᠨ ᠵᠠᠭᠤᠨ ᠠᠷᠢᠬᠢ᠂ ᠬᠠᠯᠬᠠ ᠭᠤᠷᠪᠠᠨ ᠮᠤᠷᠢ ᠭᠤᠷᠪᠠᠨ ᠵᠠᠭᠤᠨ ᠠᠷᠢᠬᠢ᠂ ᠲᠦᠮᠡᠳ ᠭᠤᠷᠪᠠᠨ ᠮᠤᠷᠢ ᠭᠤᠷᠪᠠᠨ | ᠵᠠᠭᠤᠨ ᠠᠷᠢᠬᠢ᠂ ᠡᠨᠡ ᠭᠤᠷᠪᠠᠨ ᠲᠦᠮᠡᠨ ᠠᠷᠬᠤᠳ ᠢ ᠵᠢᠨ ᠭᠤᠷᠪᠠᠨ ᠬᠦᠯᠭᠡ ᠵᠠᠯᠠᠮᠠᠨ ᠢ ᠶᠢᠰᠦᠨ ᠴᠠᠭᠠᠨ ᠬᠤᠨᠢ᠂ ᠬᠤᠤᠷᠴᠢᠨ ᠳᠤ | ᠬᠤᠶᠠ ᠠᠯᠪᠠ ᠨᠢᠭᠡ ᠮᠤᠷᠢ᠂ ᠨᠢᠭᠡᠨ ᠵᠠᠭᠤᠨ ᠠᠷᠢᠬᠢ᠂ ᠬᠠᠭᠠᠨ ᠵᠢᠨᠦᠩ ᠭᠤᠷᠪᠠᠨ ᠠᠷᠠᠵᠠ᠂ ᠬᠠᠳ ᠬᠤᠶᠠᠷ ᠠᠷᠠᠵᠠ᠂ ᠲᠠᠶᠢᠵᠢ ᠨᠠᠷ | ᠨᠢᠵᠡᠭᠡᠳ ᠠᠷᠠᠳ᠂ ᠲᠡᠶᠢᠰᠢ ᠠᠬᠠᠯᠠᠬᠤ ᠨᠢᠵᠡᠭᠡᠳ ᠲᠦᠮᠡᠨ ᠢ ᠨᠤᠶᠠᠳ ᠨᠢᠭᠡᠨ ᠠᠷᠢᠬᠢ᠂ ᠡᠳᠡᠨ ᠢ ᠪᠦᠷᠢᠳᠬᠡᠵᠦ ᠵᠢᠨᠦᠩ ᠵᠢᠮᠦᠨᠢ | ᠠᠬᠠᠯᠠᠬᠤ᠂ ᠬᠠᠭᠠᠨ ᠢ ᠵᠢᠮᠦᠨᠢ ᠮᠢᠩᠭᠠᠨ ᠲᠠᠪᠤᠨ ᠵᠠᠭᠤ ᠵᠠᠮᠦ ᠪᠤᠢ》 ᠭᠡᠵᠦ ᠲᠡᠮᠳᠡᠭᠯᠡᠵᠠᠢ᠃ ᠪᠠᠰᠠ ᠰᠢᠷᠠ ᠲᠠᠷᠬᠠᠳ ᠤᠨ ᠭᠠᠳᠠᠭᠰᠢ | ᠶᠠᠪᠤᠬᠤ ᠳᠤ ᠤᠯᠭᠤᠭᠰᠠᠨ ᠬᠠᠭᠠᠨ ᠤ ᠵᠤᠷᠭᠠᠨ ᠤ ᠵᠠᠷᠯᠢᠭ ᠤᠨ ᠹᠠᠶᠤᠤ ᠲᠤ《ᠶᠡᠬᠡ ᠵᠤᠤ᠂ ᠤᠯᠠᠭᠠᠨᠴᠠᠪ᠂ ᠰᠢᠯᠢ ᠭᠤᠤᠯ᠂ | ᠱᠠᠪᠢ ᠲᠠᠪᠤ᠂ ᠵᠠᠭᠤᠨ ᠤᠷᠠᠳ᠂ ᠵᠦᠰᠦ᠂ ᠵᠢᠷᠢᠮ᠂ ᠬᠠᠯᠬᠠ᠂ ᠪᠤᠷᠢᠶᠠᠳ᠂ ᠲᠦᠷᠪᠡᠳ ᠬᠠᠨ᠂ ᠠᠯᠠᠱᠠ᠂ ᠦᠭᠡᠯᠡᠳ ᠵᠡᠷᠭᠡ ᠶᠢᠨ ᠭᠠᠵᠠᠷ | ᠶᠠᠪᠤᠵᠦ ᠴᠢᠨ ᠸᠠᠩ᠂ ᠵᠢᠶᠦ᠋ᠨ ᠸᠠᠩ᠂ ᠪᠠᠶᠢᠯᠡ᠂ ᠪᠠᠶᠢᠰᠠ᠂ ᠭᠦᠩ᠂ ᠲᠤᠰᠠᠯᠠᠭᠴᠢ᠂ ᠲᠠᠶᠢᠵᠢ ᠲᠠᠪᠤᠨᠠᠩ ᠰᠢᠷᠠ ᠬᠠᠷᠠ ᠤᠯᠠᠨ | ᠦᠭᠯᠢᠭᠡ ᠶᠢᠨ ᠡᠵᠡᠳ ᠲᠤᠷ ᠠᠳᠢᠰ ᠷᠠᠰᠢᠶᠠᠨ ᠢ ᠬᠦᠷᠲᠡᠭᠦᠯᠦᠨ ᠤᠯᠠᠨ ᠤ ᠡᠷᠭᠦᠭ᠍ᠰᠡᠨ ᠡᠷᠭᠦᠯᠳᠡ ᠨᠡᠮᠡᠭᠦᠷᠢ ᠶᠢ ᠳᠤᠷᠠᠳᠬᠠᠨ ᠬᠤᠷᠢᠶᠠᠨ | ᠠᠪᠴᠦ᠁》ᠭᠡᠮᠡᠭᠰᠡᠨ ᠡᠴᠡ ᠦᠵᠡᠬᠦ ᠳᠤ ᠮᠠᠨᠵᠦ ᠲᠦᠷᠦ ᠶᠢᠨ ᠦᠶᠠ ᠳᠤ ᠭᠡᠳ ᠪᠠᠰᠠᠯᠠ ᠪᠦᠬᠦ ᠮᠣᠩᠭᠣᠯ ᠢᠶᠡᠷ ᠢᠶᠡᠨ | ᠡᠷᠭᠦᠯᠳᠡ ᠠᠯᠪᠠ ᠲᠤᠰᠢᠶᠠᠵᠦ ᠪᠠᠶᠢᠭᠰᠠᠨ ᠪᠠᠶᠢᠨᠠ᠃ ᠲᠠᠶᠢᠯᠭᠠ ᠶᠢᠨ ᠡᠯᠳᠡᠪ ᠶᠤᠰᠤᠯᠠᠯ᠂ ᠲᠠᠶᠢᠯᠭᠠ ᠦᠷᠭᠦᠯᠵᠢᠯᠡᠵᠦ ᠪᠠᠶᠢᠭᠠ ᠴᠠᠭ | ᠬᠤᠭᠤᠴᠠᠭᠠ᠂ ᠲᠠᠶᠢᠯᠭᠠ ᠶᠢ ᠡᠷᠬᠢᠯᠡᠵᠦ ᠪᠠᠶᠢᠭᠠ ᠬᠦᠮᠦᠰ ᠤᠨ ᠵᠡᠷᠭᠡ ᠲᠤᠰᠢᠶᠠᠯ ᠵᠡᠷᠭᠡ ᠠᠯᠢᠪᠠ ᠲᠠᠯᠠ ᠪᠠᠷ ᠶᠡᠷᠦᠩᠬᠡᠢ ᠶᠢᠨ ᠰᠢᠳᠦᠭᠡᠨ ᠤ | ᠪᠤᠰᠤᠳ ᠠᠯᠢ ᠴᠤ ᠲᠠᠶᠢᠯᠭᠠ ᠡᠴᠡ ᠶᠡᠬᠡ ᠪᠢᠯᠡ᠃ ᠡᠨᠡ ᠲᠠᠶᠢᠯᠭᠠ ᠳᠡᠭᠡᠷᠠ ᠯᠡ ᠰᠠᠶᠢ ᠴᠠᠭᠠᠨ ᠤᠷᠳᠤᠨ(ᠰᠢᠲᠦᠭᠡᠨ) ᠪᠦᠷ | ᠨᠢᠭᠡ ᠤᠳᠠᠭᠠ ᠴᠤᠭᠯᠠᠷᠠᠵᠦ ᠵᠢᠭᠢᠯᠡᠳᠡᠭ ᠪᠦᠭᠡᠳ《ᠠᠯᠲᠠᠨ ᠭᠠᠳᠠᠰᠦ》 ᠴᠤ ᠢᠷᠡᠳᠡᠭ ᠶᠤᠮ᠃ ᠡᠶᠢᠮᠦ ᠪᠤᠯᠬᠤᠷ ᠴᠢᠩᠭᠢᠰ ᠤᠨ | ᠴᠠᠭᠠᠨ ᠰᠦᠷᠦᠭ ᠤᠨ ᠲᠠᠶᠢᠯᠭᠠ ᠪᠤᠯ ᠢᠰᠡᠭᠡᠢ ᠲᠤᠭᠤᠷᠭᠠᠳᠠᠨ ᠤ ᠨᠡᠶᠢᠳᠡ ᠶᠢᠨ ᠶᠡᠬᠡ ᠲᠠᠶᠢᠯᠭᠠ ᠶᠤᠰᠤᠯᠠᠯ ᠪᠤᠯᠬᠤ ᠶᠤᠮ᠃ | ᠲᠤᠰ ᠲᠠᠶᠢᠯᠭᠠ ᠶᠢ ᠴᠠᠭᠠᠨ ᠰᠦᠷᠦᠭ ᠭᠡᠳᠡᠭ ᠪᠦᠭᠡᠳ ᠪᠠᠰᠠ《ᠡᠰᠦᠭ ᠤᠨ ᠲᠠᠶᠢᠯᠭᠠ》ᠭᠡᠳᠡᠭ᠃ ᠵᠠᠷᠢᠮ ᠳᠠᠭᠠᠨ | ᠪᠠᠰᠠ ᠨᠠᠭᠤᠷ ᠤᠨ ᠲᠠᠶᠢᠯᠭᠠ ᠭᠡᠵᠦ ᠴᠤ ᠬᠡᠯᠡᠳᠡᠭ᠃ ᠶᠠᠭᠤᠨ ᠳᠤ ᠴᠠᠭᠠᠨ ᠰᠦᠷᠦᠭ ᠭᠡᠰᠡᠨ ᠲᠤᠬᠠᠢ ᠤᠷᠳᠤᠰ ᠤᠨ | ᠪᠤᠭᠤᠷᠤᠯᠴᠤᠳ ᠡᠴᠡ ᠬᠡᠯᠡᠭᠰᠡᠨ ᠨᠢ᠄ ᠴᠢᠩᠭᠢᠰ ᠡᠵᠡᠨ ᠲᠠᠪᠢᠨ ᠨᠠᠰᠤᠨ ᠤ ᠬᠤᠳᠤᠭ ᠤᠨ ᠰᠢᠨᠠ ᠵᠢᠯ ᠳᠤ ᠪᠠᠭᠠ ᠴᠢᠯᠡᠭᠡᠷᠬᠡᠭᠡᠳ ᠬᠤᠶᠠᠷ | ᠰᠠᠷᠠ ᠭᠠᠷᠤᠢ ᠪᠤᠯᠵᠦ ᠰᠠᠶᠢᠨ ᠪᠤᠯᠤᠭᠰᠠᠨ ᠳᠤ ᠨᠠᠶᠠᠨ ᠨᠢᠭᠡᠨ ᠬᠤᠨᠤᠭ ᠤᠨ ᠮᠠᠭᠤ ᠢᠷᠣᠠ ᠲᠡᠭᠦᠰᠪᠡ ᠭᠡᠮᠡᠨ ᠭᠤᠷᠪᠠᠨ ᠰᠠᠷᠠ ᠶᠢᠨ | ᠬᠤᠷᠢᠨ ᠨᠢᠭᠡᠨ ᠳᠤ ᠪᠤᠮᠠᠨ ᠰᠦᠷᠦᠭ ᠤᠨ ᠪᠠᠳᠤ ᠵᠠᠯᠠ ᠪᠠᠨ ᠳᠠᠳᠠᠵᠦ ᠶᠡᠷᠡ ᠶᠢᠰᠦᠨ ᠴᠠᠭᠠᠭᠴᠢᠨ ᠭᠡᠭᠦᠳ ᠤᠨ ᠰᠦᠨ ᠢᠶᠡᠷ ᠢᠶᠡᠨ | ᠳᠡᠭᠡᠷᠠ ᠶᠡᠷᠡ ᠶᠢᠰᠦᠨ ᠲᠡᠭᠷᠢ ᠳᠤ ᠰᠠᠴᠤᠯᠢ ᠡᠷᠭᠦᠵᠦ ᠬᠤᠷᠮᠤᠰᠳᠠ ᠲᠡᠭᠷᠢ ᠶᠢᠨ ᠬᠦᠯᠦᠭ《ᠦᠨᠳᠡᠭᠡᠨ ᠴᠠᠭᠠᠨ | ᠮᠤᠷᠢ》 ᠪᠠᠨ ᠳᠠᠰᠠᠮᠠᠳᠠᠵᠦ ᠮᠢᠯᠢᠶᠠᠭᠰᠠᠨ ᠶᠤᠮ ᠭᠡᠨᠠ᠃ ᠪᠠᠰᠠ ᠵᠠᠷᠢᠮ ᠬᠦᠮᠦᠨ ᠤ ᠬᠡᠯᠡᠬᠦ ᠨᠢ ᠴᠢᠩᠭᠢᠰ ᠲᠠᠪᠢᠨ ᠨᠠᠰᠤᠯᠠᠭᠰᠠᠨ | ᠬᠠᠪᠤᠷ ᠨᠢ ᠰᠦᠷᠡᠬᠡᠢ ᠮᠠᠭᠤ ᠴᠠᠭ ᠪᠤᠯᠤᠭᠰᠠᠨ ᠳᠤ ᠴᠢᠩᠬᠢᠰ ᠡᠴᠡ ᠬᠠᠪᠤᠷ ᠤᠨ ᠭᠤᠷᠪᠠᠨ ᠰᠠᠷᠠ ᠪᠤᠯ ᠬᠠᠷᠠ ᠰᠠᠷᠠ᠂ ᠮᠠᠭᠤ ᠰᠠᠷᠠ | ᠡᠭᠦᠨ ᠢ ᠴᠠᠭᠠᠨ ᠪᠤᠯᠭᠠᠶᠠ ᠭᠡᠮᠡᠨ ᠴᠠᠭᠠᠭᠴᠢᠨ ᠭᠡᠭᠦᠳ ᠤᠨ ᠰᠦᠨ ᠢᠶᠡᠷ ᠳᠡᠭᠡᠷᠠ ᠶᠡᠷᠡ ᠶᠢᠰᠦᠨ ᠲᠡᠭᠷᠢ ᠳᠤ ᠰᠠᠴᠤᠯᠭᠠ ᠡᠷᠭᠦᠵᠦ | ᠲᠤᠰᠬᠠᠢ ᠰᠠᠷᠠᠯ ᠮᠤᠷᠢ ᠶᠢ ᠴᠠᠭᠠᠨ ᠲᠤᠷᠭᠠ ᠪᠠᠷ ᠳᠠᠰᠠᠮᠠᠳᠠᠵᠦ ᠲᠡᠭᠷᠢ ᠶᠢᠨ ᠬᠦᠯᠦᠭ ᠭᠡᠮᠡᠨ ᠲᠠᠬᠢᠭᠠᠳ ᠴᠠᠭᠠᠨ ᠰᠦᠷᠦᠭ | ᠴᠤᠭᠯᠠᠪᠠᠢ ᠭᠡᠮᠡᠨ ᠬᠠᠷᠠ ᠰᠠᠷᠠ ᠶᠢ ᠪᠦᠷ ᠴᠠᠭᠠᠨ ᠪᠤᠯᠭᠠᠴᠢᠬᠠᠪᠠ ᠭᠡᠵᠦ ᠪᠡᠯᠭᠡᠳᠡᠵᠦ ᠲᠤᠮ ᠲᠠᠪᠢᠭ ᠡᠷᠭᠦᠭ᠍ᠰᠡᠨ ᠡᠴᠡ ᠴᠠᠭᠠᠨ ᠰᠦᠷᠦᠭ | ᠭᠡᠵᠦ ᠭᠡᠨᠠ᠃ | ᠡᠨᠡ ᠨᠢ ᠡᠩ ᠤᠨ ᠤᠯᠠᠮᠵᠢᠯᠠᠯ ᠶᠡᠷᠢᠶᠠ ᠪᠢᠰᠢ᠃ ᠡᠶᠢᠮᠦ ᠦᠢᠯᠡ ᠶᠠᠪᠤᠳᠠᠯ ᠪᠠᠶᠢᠭᠰᠠᠨ ᠢ ᠶᠤᠸᠠᠨ ᠤᠯᠤᠰ ᠤᠨ ᠦᠶᠠ ᠳᠤ | ᠪᠢᠴᠢᠭᠳᠡᠭᠰᠡᠨ 《ᠠᠷᠪᠠᠨ ᠪᠤᠶᠠᠨᠳᠦ ᠨᠤᠮ ᠤᠨ ᠴᠠᠭᠠᠨ ᠲᠡᠥᠬᠡ》 ᠳᠤ《ᠴᠢᠩᠭᠢᠰ ᠬᠠᠭᠠᠨ ᠶᠡᠷᠡ ᠶᠢᠰᠦᠨ ᠭᠡᠭᠦᠳ ᠢᠶᠡᠨ ᠤᠶᠠᠵᠦ | ᠴᠠᠭᠠᠨ ᠰᠠᠴᠤᠯᠢ ᠪᠠᠨ ᠰᠠᠴᠤᠭᠰᠠᠨ》 ᠭᠡᠵᠦ ᠲᠤᠳᠤᠷᠬᠠᠢ ᠲᠡᠮᠳᠡᠭᠯᠡᠵᠠᠢ᠃ ᠲᠡᠥᠬᠡᠴᠢᠨ ᠷᠠᠰᠢᠫᠤᠩᠰᠤᠭ 《ᠪᠤᠯᠤᠷ ᠡᠷᠢᠬᠡ》ᠳ᠋ᠡᠭᠡᠨ | 《ᠲᠠᠪᠢᠨ ᠰᠡᠭᠦᠳᠡᠷ ᠤᠨ ᠴᠠᠭᠠᠭᠴᠢᠨ ᠬᠤᠨᠢᠨ ᠵᠢᠯ ᠬᠡᠷᠦᠯᠦᠨ ᠨᠡᠷᠡᠲᠦ ᠮᠦᠷᠡᠨ ᠳᠤᠷ ᠨᠤᠲᠤᠭᠯᠠᠨ ᠪᠦᠬᠦᠢ ᠳᠤᠷ ᠡᠷᠳᠡᠨᠢ ᠮᠤᠷᠢᠨ ᠤ | ᠰᠢᠨᠠ ᠰᠦᠨ ᠤ ᠳᠡᠭᠡᠵᠢ ᠶᠢ ᠡᠷᠬᠡᠳᠦ ᠪᠤᠷᠬᠠᠨ ᠲᠡᠭᠷᠢ ᠳᠤ ᠵᠠᠯᠪᠠᠷᠢᠨ ᠡᠷᠭᠦᠭᠡᠳ ᠡᠭᠦᠨᠴᠡ ᠰᠠᠶᠢᠲᠤᠷ ᠲᠤᠭᠲᠠᠭᠠᠵᠦ ᠪᠦᠷᠢᠨ ᠡᠨᠡᠬᠦ | ᠮᠣᠩᠭᠣᠯ ᠤᠯᠤᠰ ᠲᠤᠷ ᠬᠠᠥᠯᠢ ᠶᠤᠰᠤᠨ ᠪᠤᠯᠭᠠᠶᠠ ᠭᠡᠮᠡᠨ ᠵᠠᠷᠯᠢᠭ ᠪᠤᠯᠤᠭᠠᠳ᠁》ᠭᠡᠵᠦ ᠪᠢᠴᠢᠵᠠᠢ᠃ ᠴᠠᠭᠠᠨ ᠰᠦᠷᠦᠭ ᠭᠡᠳᠡᠭ | ᠨᠡᠷᠠ ᠨᠢ ᠴᠠᠭᠠᠨ ᠰᠠᠴᠤᠯᠢ ᠰᠠᠴᠤᠭᠰᠠᠨ ᠡᠴᠡ ᠪᠠᠨ ᠨᠡᠷᠡᠯᠡᠭᠳᠡᠭᠰᠡᠨ ᠪᠠᠶᠢᠨᠠ᠃ ᠡᠨᠡ ᠨᠡᠷᠠ ᠴᠤ ᠤᠨ ᠤᠳᠠᠭᠰᠠᠨ ᠨᠡᠷᠠ ᠪᠠᠶᠢᠨᠠᠮ᠃ | ᠶᠤᠸᠠᠨ ᠤᠯᠤᠰ ᠤᠨ ᠦᠶᠠ ᠳᠤ ᠪᠢᠴᠢᠭᠳᠡᠭᠰᠡᠨ ᠲᠤᠯᠭᠤᠷ ᠲᠤ ᠭᠠᠷᠴᠦ ᠪᠠᠶᠢᠬᠤ ᠪᠦᠭᠡᠳ ᠤᠨ ᠶᠡᠷᠦᠩᠬᠡᠢ ᠶᠢᠨ | ᠰᠢᠲᠦᠭᠡᠨ ᠤ ᠴᠢᠬᠤᠯᠠ ᠰᠤᠷᠪᠤᠯᠵᠢ ᠪᠤᠯᠬᠤ ᠠᠯᠲᠠᠨ ᠲᠤ ᠴᠤ 《ᠴᠠᠭᠠᠨ ᠰᠦᠷᠦᠭ》 ᠭᠡᠵᠦ ᠪᠢᠴᠢᠵᠠᠢ᠃ | ᠳᠠᠷᠬᠠᠳ ᠤᠨ ᠲᠠᠶᠢᠯᠭᠠ ᠶᠢᠨ ᠮᠡᠷᠭᠡᠵᠢᠯᠳᠡᠨ ᠶᠠᠮᠤᠳᠠᠳ ᠤᠨ ᠬᠡᠯᠡᠬᠦ ᠪᠠᠷ ᠴᠠᠭᠠᠨ ᠰᠠᠷᠠ ᠶᠢᠨ ᠰᠢᠨᠠ ᠶᠢᠨ ᠨᠢᠭᠡᠨ ᠡᠴᠡ ᠬᠦᠬᠡ ᠰᠠᠷᠠ | (ᠭᠤᠷᠪᠠᠨ ᠰᠠᠷᠠ) ᠬᠤᠷᠢᠨ ᠨᠢᠭᠡᠨ ᠪᠤᠯᠲᠠᠯᠠ ᠶᠠᠭ ᠶᠢᠰᠦ ᠶᠢᠰᠦ ᠨᠠᠶᠠᠨ ᠨᠢᠭᠡᠨ ᠬᠤᠨᠤᠭ ᠲᠡᠭᠦᠰᠴᠦ ᠪᠠᠶᠢᠬᠤᠯᠠᠷ ᠰᠠᠶᠢ ᠴᠠᠭᠠᠭᠴᠢᠨ | ᠭᠡᠭᠦᠳ ᠤᠨ ᠰᠠᠴᠤᠯᠢ ᠪᠠᠨ ᠡᠷᠭᠦᠨ 《ᠨᠠᠭᠤᠷᠯᠠᠳᠠᠭ》 ᠶᠤᠮ᠃ ᠡᠨᠡᠬᠦ ᠨᠠᠭᠤᠷᠯᠠᠭᠰᠠᠨ ᠲᠠᠶᠢᠯᠭᠠ ᠨᠢ ᠵᠤᠨ ᠤ ᠲᠠᠶᠢᠯᠭᠠ ᠪᠠᠷ ᠰᠡᠭᠦᠯ | ᠬᠤᠷᠢᠶᠠᠵᠦ ᠰᠠᠶᠢ ᠲᠡᠭᠦᠰᠳᠡᠭ ᠶᠤᠮ ᠭᠡᠵᠠᠢ᠃(《ᠠᠯᠲᠠᠨ ᠤᠷᠳᠤᠨ ᠤ ᠲᠠᠶᠢᠯᠭᠠ》ᠡᠴᠡ ᠨᠠᠶᠢᠷᠠᠭᠤᠯᠤᠨ ᠰᠢᠯᠵᠢᠭᠦᠯᠪᠡ) | |