ᠰᠢᠨᠬᠤᠧᠠ ᠮᠤᠩᠭ᠋ᠤᠯ ᠤᠷᠳᠤᠰ ᠤᠨ 4 ᠰᠠᠷᠠ ᠶᠢᠨ 27 ᠡᠳᠦᠷ ᠤᠨ ᠴᠠᠬᠢᠯᠭᠠᠨ ᠮᠡᠳᠡᠬᠡ (ᠬ•ᠦᠵᠡᠰᠬᠦᠯᠡᠩ᠂ | ᠨᠤᠭᠤᠭᠠᠨᠳᠠᠯᠠ) ᠨᠢᠬᠡᠨ ᠦᠶᠡ ᠶᠢᠨ ᠳᠡᠭᠷᠢᠯᠢᠭ ᠬᠦᠪᠡᠬᠦᠨ ᠴᠢᠩᠬᠢᠰ ᠬᠠᠭᠠᠨ ᠤ ᠨᠤᠶᠢᠷᠰᠤᠭᠰᠠᠨ ᠠᠯᠳᠠᠨ ᠭᠠᠨᠳᠠᠷᠢ ᠶᠢᠨ | ᠰᠢᠯᠢ ᠳᠤ ᠨᠠᠷᠠᠰᠤ ᠮᠠᠶᠢᠯᠠᠰᠤ ᠴᠡᠯᠬᠡᠷᠡᠬᠡᠳ᠂ ᠮᠦᠷᠬᠦᠯᠴᠢᠨ ᠤᠯᠠᠨ ᠰᠢᠳᠦᠬᠡᠨ ᠤᠷᠳᠤ ᠶᠢ ᠴᠢᠭᠯᠡᠵᠡᠬᠡᠯᠡ᠃ ᠵᠢᠯ ᠪᠦᠷᠢ ᠶᠢᠨ | ᠳᠤᠭᠠᠯᠠᠯ ᠤᠨ ᠭᠤᠷᠪᠠᠨ ᠰᠠᠷᠠ ᠶᠢᠨ ᠬᠤᠷᠢᠨ ᠨᠢᠬᠡᠨ ᠪᠤᠶᠤ ᠤᠷᠳᠤᠰ ᠳᠤᠭᠠᠯᠠᠯ ᠤᠨ ᠵᠢᠷᠭᠤᠭᠠᠨ ᠰᠠᠷᠠ ᠶᠢᠨ ᠬᠤᠷᠢᠨ ᠨᠢᠬᠡᠨ ᠤ ᠡᠳᠦᠷ | ᠵᠤᠬᠢᠶᠠᠨ ᠪᠠᠶᠢᠭᠤᠯᠤᠭᠳᠠᠳᠠᠭ ᠴᠢᠩᠬᠢᠰ ᠬᠠᠭᠠᠨ ᠤ ᠬᠠᠪᠤᠷ ᠤᠨ ᠤᠯᠠᠷᠢᠯ ᠤᠨ ᠴᠠᠭᠠ ᠰᠦᠷᠦᠭ ᠤᠨ ᠶᠡᠬᠡ ᠳᠠᠶᠢᠯᠭᠠ ᠡᠶᠢᠨᠬᠦ | ᠴᠢᠩᠬᠢᠰ ᠬᠠᠭᠠᠨ ᠤ ᠬᠦᠷᠢᠶᠡᠯᠡᠩ ᠳᠤ ᠦᠪᠡᠳᠡᠭᠰᠢ ᠶᠡᠬᠡᠪᠡᠷ ᠡᠬᠢᠯᠡᠯᠡ᠃ | ᠦᠷᠯᠦᠭᠡ ᠶᠢᠨ 9᠄00 ᠴᠠᠭ ᠲᠤ᠂ ᠶᠢᠰᠦ ᠶᠢᠰᠦ ᠨᠠᠶᠠᠨ ᠨᠢᠭᠡᠨ ᠲᠠᠷᠬᠠᠳ ᠡᠴᠡ ᠡᠵᠡᠨ ᠰᠠᠩ᠂ ᠰᠦᠯᠲᠡ ᠶᠢᠨ ᠰᠠᠩ᠂ | ᠡᠵᠡᠨ ᠰᠠᠩ ᠤᠨ ᠷᠠᠰᠢ ᠤᠩᠰᠢᠵᠦ᠂ ᠠᠯᠪᠠᠨ ᠲᠠᠶᠢᠯᠭᠠ ᠶᠢ ᠡᠬᠢᠯᠡᠭᠦᠯᠪᠡ᠃ ᠤᠷᠲᠤᠰ ᠬᠤᠲᠠ ᠶᠢᠨ ᠨᠠᠮ ᠤᠨ ᠬᠤᠷᠢᠶᠠ ᠵᠠᠰᠠᠭ ᠤᠨ | ᠤᠷᠲᠤᠨ ᠡᠴᠡ ᠤᠯᠠᠭᠠᠨ ᠪᠡᠴᠢᠨ ᠵᠢᠯ ᠤᠨ ᠦᠴᠢᠭ ᠦᠴᠢᠵᠡᠢ᠃ ᠤᠷᠳᠤᠰ ᠬᠤᠳᠠ ᠶᠢᠨ ᠪᠦᠬᠦ ᠬᠤᠰᠢᠭᠤᠨ ᠤ ᠮᠦᠷᠬᠦᠯᠴᠢᠳ | ᠬᠦᠷᠦᠯᠴᠡᠨ ᠢᠷᠡᠵᠤ ᠤᠷᠤᠯᠴᠠᠭᠰᠠᠨ ᠡᠴᠡ ᠭᠠᠲᠠᠨᠠ᠂ ᠦᠪᠦᠷ ᠮᠣᠩᠭᠣᠯ ᠤᠨ ᠪᠤᠰᠤᠳ ᠠᠶᠢᠮᠠᠭ ᠬᠤᠰᠢᠭᠤ ᠪᠤᠯᠤᠨ ᠾᠧᠨᠠᠨ ᠤ | ᠰᠢᠶᠤᠤ ᠤᠪᠤᠭᠳᠦ ᠶᠢ ᠪᠠᠭᠳᠠᠭᠠᠭᠰᠠᠨ 17 ᠲᠦᠯᠦᠭᠡᠯᠡᠭᠴᠢᠳ ᠤᠨ ᠪᠠᠭ ᠡᠨᠡᠬᠦ ᠲᠠᠢᠢᠯᠭᠠ ᠳ᠋ᠤ ᠲᠠᠬᠢᠯᠭᠠ ᠡᠷᠭᠦᠵᠡᠢ᠃ ᠦᠳᠡ | ᠪᠤᠯᠬᠤ ᠶᠢᠨ ᠠᠯᠳᠠ ᠳᠤ ᠠᠯᠪᠠᠨ ᠲᠠᠶᠢᠯᠭᠠ ᠳᠠᠭᠤᠰᠴᠦ᠂ ᠠᠯᠲᠠᠨ ᠤᠷᠲᠤᠨ ᠤ ᠪᠠᠭᠠ ᠲᠠᠢᠢᠯᠭᠠ ᠡᠬᠢᠯᠡᠪᠡ᠃ ᠴᠢᠩᠬᠢᠰ ᠬᠠᠭᠠᠨ ᠤ | ᠠᠯᠲᠠᠨ ᠤᠷᠲᠤᠨ ᠳ᠋ᠤ ᠨᠢᠨᠲᠠᠷ ᠪᠠᠷᠢᠵᠤ᠂ ᠵᠤᠯᠠ ᠡᠷᠭᠦᠵᠦ᠂ ᠦᠳᠭᠡ ᠲᠡᠪᠰᠢᠭᠦᠯᠵᠦ᠂ ᠲᠠᠷᠬᠠᠳ ᠡᠴᠡ ᠦᠴᠢᠭ ᠤᠩᠰᠢᠨ ᠢᠷᠦᠭᠡᠯ | ᠲᠠᠯᠪᠢᠪᠠ᠃ ᠲᠠᠷᠠᠭᠠᠯᠠᠨ ᠡᠰᠦᠭ ᠤᠨ ᠲᠠᠢᠢᠯᠭᠠ ᠶᠠᠪᠤᠭᠳᠠᠯᠠ᠃ ᠪᠤᠷᠤᠠᠦ᠋ᠨᠳᠦᠷ ᠬᠡᠮᠡᠬᠦ ᠡᠰᠦᠭ ᠤᠨ ᠬᠦᠨᠦᠭ ᠡᠴᠡ ᠭᠦᠶᠦᠲᠡᠯ ᠭᠦᠶᠦᠵᠦ | ᠡᠬᠢᠯᠡᠮᠡᠭᠴᠡ 99 ᠴᠠᠭᠠᠭᠴᠢ ᠭᠡᠬᠦᠦ ᠶᠢᠨ ᠰᠠᠴᠤᠯᠢ ᠡᠷᠭᠦᠵᠦ᠂ ᠦᠨᠲᠡᠭᠡᠨ ᠴᠠᠭᠠᠨ ᠶᠢᠡᠨ ᠮᠢᠯᠢᠶᠡᠨ᠂ ᠠᠯᠲᠠᠨ ᠬᠤᠨᠲᠠᠭᠠ ᠰᠢᠨᠵᠢᠨ ᠪᠠᠲᠤ | ᠵᠠᠯᠠ ᠪᠠᠨ ᠮᠢᠯᠢᠶᠠᠨ ᠢᠷᠦᠭᠡᠯᠡ᠃ ᠦᠲᠡ ᠶᠢᠨ ᠬᠤᠢᠢᠨᠠᠬᠢ 3᠄ 00 ᠴᠠᠭ ᠲᠤ ᠠᠯᠲᠠᠨ ᠤᠷᠲᠤᠨ ᠤ ᠶᠡᠬᠡ ᠲᠠᠢᠢᠯᠭᠠ ᠶᠠᠪᠤᠭᠲᠠᠵᠠᠢ᠃ | ᠶᠡᠬᠡ ᠲᠠᠢᠢᠯᠭᠠ ᠳ᠋ᠤ ᠲᠠᠪᠠᠭ ᠲᠠᠯᠪᠢᠬᠤ᠂ ᠲᠡᠭᠷᠢ ᠶᠢᠨ ᠠᠷᠪᠠᠨ ᠬᠤᠶᠠᠷ ᠲᠠᠭᠤᠤ ᠲᠠᠭᠤᠯᠠᠬᠤ᠂ ᠦᠴᠢᠭ ᠦᠴᠢᠬᠦ᠂ ᠦᠳᠬᠡ ᠪᠡᠷ ᠲᠡᠭᠷᠢ | ᠲᠠᠬᠢᠬᠤ ᠵᠡᠷᠭᠡ ᠦᠢᠯᠡ ᠶᠢ ᠭᠦᠢᠴᠡᠳᠭᠡᠪᠡ᠃ | ᠠᠯᠤᠰ ᠬᠤᠯᠠ ᠤᠯᠤᠰ ᠡᠴᠡ ᠢᠷᠡᠵᠤ ᠳᠠᠶᠢᠯᠭᠠ ᠶᠢᠨ ᠶᠤᠰᠤᠯᠠᠯ ᠳᠤ ᠤᠷᠤᠯᠴᠠᠭᠰᠠᠨ ᠬᠡᠨᠲᠡᠢ ᠠᠢᠢᠮᠠᠭ ᠤᠨ | ᠠᠯᠲᠠᠠᠠᠤᠷᠬᠢᠯ ᠰᠤᠷᠪᠤᠯᠵᠢᠯᠠᠭᠠ ᠬᠦᠯᠢᠶᠡᠬᠦ ᠳ᠋ᠡᠭᠡᠨ᠄ 《ᠴᠠᠭᠠᠨ ᠰᠦᠷᠦᠭ ᠤᠨ ᠶᠡᠬᠡ ᠲᠠᠢᠢᠯᠭᠠ ᠶᠢᠨ ᠠᠵᠢᠯᠯᠠᠭᠠᠨ ᠳ᠋ᠤ ᠤᠷᠤᠯᠴᠠᠭᠠᠳ | ᠰᠡᠳᠭᠢᠯ ᠮᠠᠰᠢ ᠦᠨᠳᠦᠷ ᠪᠠᠢᠢᠨᠠ᠃ ᠡᠨᠡ ᠵᠢᠯ ᠪᠢ ᠲᠠᠪᠤᠲᠡᠬᠢ ᠤᠲᠠᠭᠠ ᠪᠠᠨ ᠴᠠᠭᠠᠨ ᠰᠦᠷᠦᠭ ᠤᠨ ᠲᠠᠢᠢᠯᠭᠠ ᠳ᠋ᠤ ᠤᠷᠤᠯᠴᠠᠵᠤ | ᠪᠠᠢᠢᠨᠠ᠃ ᠪᠦᠲᠦᠭᠡᠨ ᠪᠠᠢᠢᠭᠤᠯᠤᠯᠲᠠ ᠲᠦᠷᠭᠡᠨ ᠪᠠᠢᠢᠨᠠ᠂ ᠴᠢᠩᠬᠢᠰ ᠬᠠᠭᠠᠨ ᠤ ᠲᠠᠢᠢᠯᠭᠠ ᠲᠠᠬᠢᠯᠭᠠ ᠲᠠᠢ ᠬᠤᠯᠪᠤᠭᠲᠠᠭᠰᠠᠨ ᠦᠢᠯᠡ | ᠠᠵᠢᠯᠯᠠᠭᠠ ᠶᠢ ᠦᠪᠦᠷ ᠮᠠᠨᠢ ᠡᠢᠢᠮᠦ ᠰᠠᠢᠢᠬᠠᠨ ᠬᠦᠨᠳᠦᠳᠬᠡᠨ ᠲᠡᠯᠭᠡᠷᠡᠬᠦᠯᠵᠦ ᠪᠠᠢᠢᠭᠠ ᠵᠢ ᠪᠢᠰᠢᠷᠠᠨ | ᠮᠠᠭᠲᠠᠭᠤᠰᠢᠲᠠᠢ》ᠬᠡᠯᠡ᠃ | ᠰᠢᠨᠬᠤᠧᠠ ᠮᠤᠩᠭ᠋ᠤᠯ | |