ᠰᠠᠷᠠ ᠳᠤ ᠬᠡᠳᠦᠨ ᠠᠷᠪᠠᠬᠠᠨ ᠤᠷᠤᠯᠠᠨ ᠬᠦᠢᠴᠡᠳᠬᠡᠭ᠍ᠰᠡᠨ ᠤ ᠳᠦᠯᠦᠪᠦᠷᠢ ᠳᠦᠯᠦᠬᠡᠳ ᠯᠡ ᠬᠤᠪᠢ ᠶᠢᠨ | ᠨᠡᠶᠢᠬᠡᠮ ᠤᠨ ᠳᠠᠭᠠᠳᠬᠠᠯ ᠢᠶᠡᠨ ᠪᠤᠰᠤᠳ ᠲᠤ ᠨᠠᠶᠢᠳᠠᠵᠤ ᠢᠨᠲ᠋ᠧᠷᠨᠧᠲ ᠢᠶᠡᠷ ᠳᠤᠰᠢᠶᠠᠵᠤ ᠪᠤᠯᠬᠤ ᠦᠢᠯᠡᠴᠢᠯᠡᠬᠡ ᠤᠶᠢᠷᠡ ᠶᠢᠨ ᠡᠳᠦᠷ | ᠶᠡᠬᠡᠪᠡᠷ ᠦᠷᠨᠢᠵᠡᠢ᠃ ᠴᠦᠬᠡᠨ ᠪᠤᠰᠤ ᠺᠤᠮᠫᠠᠨᠢ ᠲᠤᠤ ᠪᠤᠤ ᠳᠤ ᠨᠧᠲ ᠠᠵᠢᠯᠯᠠᠭᠤᠯᠵᠤ᠂ ᠵᠠᠷᠢᠮ ᠨᠢ ᠠᠯᠪᠠᠨ ᠤ ᠸᠢᠴᠠᠲ ᠪᠤᠶᠤ ᠳᠤᠰᠬᠠᠢ | APP ᠠᠵᠢᠯᠯᠠᠭᠤᠯᠵᠤ ᠡᠬᠢᠯᠡᠭᠰᠡᠨ ᠪᠠᠶᠢᠨᠠ᠃ ᠳᠡᠬᠡᠪᠡᠯ ᠡᠨᠡ ᠨᠢ ᠬᠠᠤᠯᠢ ᠶᠤᠰᠤᠨ ᠳᠤ ᠨᠡᠶᠢᠴᠡᠨᠡ ᠤᠤ⁈ ᠪᠠᠰᠠ ᠶᠠᠮᠠᠷ | ᠳᠦᠭᠰᠢᠬᠦᠷᠢ ᠳᠤᠯᠭᠠᠷᠠᠵᠤ ᠮᠡᠳᠡᠬᠦ ᠪᠤᠢ⁈ ᠰᠤᠷᠪᠤᠯᠵᠢᠯᠠᠭᠴᠢ ᠶᠢᠨ ᠬᠢᠭ᠍ᠰᠡᠨ ᠪᠠᠶᠢᠴᠠᠭᠠᠯᠳᠠ ᠶᠢ ᠦᠵᠡᠶᠡ᠃ | ᠪᠡᠬᠡᠵᠢᠩ ᠳᠤ ᠴᠠᠬᠢᠮ ᠬᠤᠳᠠᠯᠳᠤᠭᠠ ᠬᠢᠳᠡᠭ ᠲᠢᠶᠠᠨ ᠤᠪᠤᠭᠳᠤ ᠡᠮᠡᠭᠳᠡᠢ ᠶᠢᠨ ᠡᠷᠦᠬᠡ ᠠᠮᠠ ᠶᠢᠨ ᠳᠡᠪᠳᠡᠷ ᠨᠢ ᠭᠠᠳᠠᠨᠠ | ᠤᠷᠤᠨ ᠤ ᠬᠢ ᠪᠤᠯᠬᠤᠷ ᠪᠡᠬᠡᠵᠢᠩ ᠳᠤ ᠨᠡᠶᠢᠬᠡᠮ ᠤᠨ ᠳᠠᠭᠠᠳᠬᠠᠯ ᠢᠶᠡᠨ ᠳᠤᠰᠢᠶᠠᠵᠤ ᠴᠢᠳᠠᠬᠤ ᠦᠬᠡᠢ᠂ ᠠᠷᠭᠠ ᠪᠤᠰᠤ | ᠢᠨᠲ᠋ᠧᠷᠨᠧᠲ ᠢᠶᠡᠷ ᠡᠶᠢᠮᠦᠷᠬᠦ ᠦᠢᠯᠡᠴᠢᠯᠡᠬᠡ ᠬᠠᠩᠭ᠋ᠠᠳᠠᠭ ᠡᠰᠡᠬᠦ ᠶᠢ ᠬᠠᠶᠢᠵᠠᠢ᠃《ᠨᠡᠶᠢᠬᠡᠮ ᠤᠨ ᠳᠠᠭᠠᠳᠬᠠᠯ ᠢ ᠤᠷᠤᠯᠠᠨ ᠳᠤᠰᠢᠶᠠᠵᠤ | ᠦᠭᠳᠡᠭ ᠺᠤᠮᠫᠠᠨᠢ ᠪᠠᠶᠢᠳᠠᠭ᠂ ᠰᠠᠷᠠ ᠳᠤ ᠬᠡᠳᠦᠨ ᠠᠷᠪᠠᠨ ᠦᠢᠯᠡᠴᠢᠯᠡᠬᠡᠨ ᠤ ᠳᠦᠯᠦᠪᠦᠷᠢ ᠳᠤᠰᠢᠶᠠᠴᠢᠬᠠᠪᠠᠯ ᠳᠡᠳᠡ | ᠨᠡᠶᠢᠬᠡᠮ ᠤᠨ ᠳᠠᠭᠠᠳᠬᠠᠯ ᠢ ᠤᠷᠤᠯᠠᠭᠠᠳ ᠳᠤᠰᠢᠶᠠᠴᠢᠬᠠᠳᠠᠭ》ᠬᠡᠵᠤ ᠳᠡᠷᠡ ᠬᠡᠯᠡᠯᠡ᠃ | ᠰᠤᠷᠪᠤᠯᠵᠢᠯᠠᠭᠴᠢ ᠲᠤᠤ ᠪᠤᠤ ᠨᠧᠲ ᠲᠤ ᠤᠷᠤᠵᠤ《ᠨᠡᠶᠢᠬᠡᠮ ᠤᠨ ᠳᠠᠭᠠᠳᠬᠠᠯ ᠢ ᠤᠷᠤᠯᠠᠨ ᠳᠤᠰᠢᠶᠠᠬᠤ》ᠬᠡᠳ | ᠬᠠᠶᠢᠭᠰᠠᠨ ᠳᠤ ᠵᠠᠭᠤ ᠭᠠᠷᠤᠢ ᠦᠢᠯᠡᠴᠢᠯᠡᠬᠡᠨ ᠤ ᠺᠤᠮᠫᠠᠨᠢ ᠶᠢᠨ ᠨᠡᠷᠡ ᠭᠠᠷᠴᠤ ᠢᠷᠡᠵᠡᠢ᠃ ᠡᠬᠦᠨ ᠤ ᠳᠤᠳᠤᠷᠠ ᠡᠴᠡ ᠡᠮᠦᠨᠡᠬᠦᠷ | ᠪᠠᠶᠢᠷᠢᠨ ᠳᠤ ᠵᠢᠬᠰᠠᠭᠠᠭᠳᠠᠭᠰᠠᠨ《ᠨᠡᠶᠢᠬᠡᠮ ᠤᠨ ᠳᠠᠭᠠᠳᠬᠠᠯ ᠤᠨ ᠢᠨᠲ᠋ᠧᠷᠨᠧᠲ ᠦᠢᠯᠡᠴᠢᠯᠡᠬᠡᠨ ᠤ ᠳᠤᠯᠤᠭᠠᠶᠢᠯᠠᠭᠴᠢ》ᠬᠡᠮᠡᠬᠦ ᠺᠤᠮᠫᠠᠨᠢ | 2820 ᠤᠳᠠᠭᠠ ᠡᠶᠢᠮᠦᠷᠬᠦ ᠦᠢᠯᠡᠴᠢᠯᠡᠬᠡ ᠬᠠᠩᠭ᠋ᠠᠭᠰᠠᠨ ᠳᠡᠮᠳᠡᠭᠯᠡᠯ ᠲᠠᠢ ᠪᠠᠶᠢᠯᠠ᠃ ᠰᠤᠷᠪᠤᠯᠵᠢᠯᠠᠭᠴᠢ ᠪᠡᠬᠡᠵᠢᠩ ᠬᠤᠳᠠ ᠳᠤ | ᠨᠡᠶᠢᠬᠡᠮ ᠤᠨ ᠳᠠᠭᠠᠳᠬᠠᠯ ᠳᠤᠰᠢᠶᠠᠬᠤ ᠨᠡᠷᠡ ᠪᠡᠷ ᠨᠢᠬᠡ ᠺᠤᠮᠫᠠᠨᠢ ᠲᠠᠢ ᠬᠠᠷᠢᠯᠴᠠᠭᠰᠠᠨ ᠳᠤ᠂ ᠪᠢᠳᠡ ᠳᠡᠳᠡᠬᠡᠷ ᠠᠵᠢᠯ ᠰᠤᠯᠢᠵᠤ ᠪᠠᠶᠢᠭᠠ | ᠬᠤᠭᠤᠴᠠᠭᠠᠨ ᠳᠠᠭᠠᠨ ᠨᠡᠶᠢᠬᠡᠮ ᠤᠨ ᠳᠠᠭᠠᠳᠬᠠᠯ ᠢᠶᠡᠨ ᠳᠠᠰᠤᠯᠳᠠᠭᠤᠯᠬᠤ ᠳᠤᠷᠠ ᠦᠬᠡᠢ᠂ ᠬᠡᠬᠦ ᠳᠤ ᠳᠤᠰᠢᠶᠠᠵᠤ ᠦᠭ᠍ᠬᠦ ᠪᠠᠶᠢᠭᠤᠯᠭᠠ | ᠦᠬᠡᠢ ᠬᠦᠮᠤᠰ ᠲᠤ ᠦᠢᠯᠡᠴᠢᠯᠡᠳᠡᠭ᠂ ᠰᠠᠷᠠ ᠳᠤ 19.90 ᠳᠦᠯᠦᠪᠦᠷᠢ ᠳᠤᠰᠢᠶᠠᠭᠰᠠᠭᠠᠷ ᠨᠡᠶᠢᠬᠡᠮ ᠤᠨ ᠳᠠᠭᠠᠳᠬᠠᠯ ᠢ | ᠴᠢᠨᠢ ᠤᠷᠤᠯᠠᠨ ᠳᠤᠰᠢᠶᠠᠵᠤ ᠦᠭ᠍ᠬᠦᠨᠡ᠂ ᠢᠨᠲ᠋ᠧᠷᠨᠧᠲ ᠢᠶᠡᠷ ᠪᠠᠷᠠᠭᠠ ᠪᠦᠳᠦᠬᠡᠭ᠍ᠳᠡᠬᠦᠨ ᠬᠤᠳᠠᠯᠳᠤᠨ ᠠᠪᠴᠤ ᠪᠠᠶᠢᠭᠠ ᠰᠢᠭ | ᠮᠦᠩᠬᠦ ᠪᠡᠨ ᠳᠦᠯᠦᠭᠰᠡᠬᠡᠷ ᠪᠤᠯᠴᠢᠬᠠᠨᠠ ᠬᠡᠵᠤ ᠺᠤᠮᠫᠠᠨᠢ ᠶᠢᠨ ᠠᠵᠢᠯᠳᠠᠨ ᠳᠠᠨᠢᠯᠴᠠᠭᠤᠯᠵᠠᠢ᠃ ᠪᠠᠰᠠ ᠨᠢᠬᠡᠨ ᠸᠢᠴᠠᠲ ᠢᠶᠡᠷ ᠤᠷᠤᠯᠠᠨ | ᠳᠤᠰᠢᠶᠠᠳᠠᠭ ᠺᠤᠮᠫᠠᠨᠢ ᠲᠠᠢ ᠬᠤᠯᠪᠤᠭᠠ ᠪᠠᠷᠢᠭᠰᠠᠨ ᠳᠤ᠂ ᠺᠤᠮᠫᠠᠨᠢ ᠨᠢ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠦᠮᠦᠨ ᠤ | ᠬᠦᠴᠦᠨ ᠤ ᠡᠬᠢ ᠪᠠᠶᠠᠯᠢᠭ ᠪᠠ ᠨᠡᠶᠢᠬᠡᠮ ᠤᠨ ᠪᠠᠳᠤᠯᠠᠭᠠᠨ ᠤ ᠶᠠᠮᠤᠨ ᠤ ᠵᠦᠪᠰᠢᠶᠡᠷᠡᠯ ᠲᠠᠢ᠂ ᠨᠡᠶᠢᠬᠡᠮ ᠤᠨ ᠳᠠᠭᠠᠳᠬᠠᠯ ᠤᠨ ᠮᠦᠩᠬᠦ ᠶᠢ | ᠬᠦᠷᠦᠩᠬᠡ ᠤᠷᠤᠭᠤᠯᠤᠭᠴᠢ ᠪᠠᠩᠬᠢ (招商银行) ᠬᠢᠨᠠᠨ ᠬᠠᠮᠢᠶᠠᠷᠳᠠᠭ᠂ ᠰᠠᠷᠠ ᠳᠤ ᠬᠠᠮᠤᠭ ᠤᠨ ᠪᠠᠭᠠ ᠳ᠋ᠠᠭᠠᠨ 80 | ᠳᠤᠰᠢᠶᠠᠭᠠᠳ ᠸᠢᠴᠠᠲ ᠢᠶᠡᠷ ᠨᠡᠷᠡ ᠪᠡᠨ ᠪᠦᠷᠢᠳᠬᠡᠬᠦᠯᠦᠭᠰᠡᠬᠡᠷ ᠪᠤᠯᠴᠢᠬᠠᠨᠠ᠂ ᠰᠢᠨᠡ ᠪᠡᠷ ᠨᠡᠷᠡ ᠪᠦᠷᠢᠳᠬᠡᠬᠦᠯᠵᠤ ᠪᠠᠶᠢᠭᠠ ᠬᠦᠮᠦᠰ ᠲᠤ | ᠪᠠᠰᠠ 30 ᠤᠷᠮᠠᠰᠢᠭᠤᠯᠤᠯ ᠲᠠᠢ ᠬᠡᠵᠤ ᠳᠠᠨᠢᠯᠴᠠᠭᠤᠯᠤᠯᠠ᠃ | ᠡᠳᠡᠬᠡᠷ ᠺᠤᠮᠫᠠᠨᠢ ᠨᠤᠭᠤᠳ ᠨᠢ ᠬᠦᠳᠡᠯᠮᠦᠷᠢ ᠶᠢᠨ ᠬᠡᠷᠡ ᠪᠠᠶᠢᠭᠤᠯᠬᠤ ᠦᠬᠡᠢ ᠨᠦᠬᠦᠴᠡᠯ ᠳᠤᠤᠷᠠ ᠡᠶᠢᠮᠦᠷᠬᠦ ᠦᠢᠯᠡᠴᠢᠯᠡᠬᠡ | ᠂ ᠬᠡᠪᠡᠴᠤ ᠰᠤᠷᠪᠤᠯᠵᠢᠯᠠᠭᠴᠢ ᠶᠢᠨ ᠤᠯᠵᠤ ᠮᠡᠳᠡᠭᠰᠡᠨ ᠢᠶᠡᠷ᠂《ᠨᠡᠶᠢᠬᠡᠮ ᠤᠨ ᠳᠠᠭᠠᠳᠬᠠᠯ ᠤᠨ ᠬᠠᠤᠯᠢ》 ᠳᠤ ᠬᠤᠳᠠᠯ | ᠬᠠᠭᠤᠷᠮᠠᠭ ᠮᠠᠲ᠋ᠧᠷᠢᠶᠠᠯ ᠵᠤᠬᠢᠶᠠᠬᠤ ᠪᠤᠶᠤ ᠪᠤᠰᠤᠳ ᠠᠷᠭᠠ ᠪᠡᠷ ᠨᠡᠶᠢᠬᠡᠮ ᠤᠨ ᠳᠠᠭᠠᠳᠬᠠᠯ ᠤᠨ ᠬᠠᠷᠠᠭᠠᠯᠵᠠᠯ ᠢ ᠮᠡᠬᠡᠯᠡᠵᠤ ᠠᠪᠤᠭᠰᠠᠨ | ᠳᠤᠬᠢᠶᠠᠯᠳᠤᠯ ᠳᠤ᠂ ᠨᠡᠶᠢᠬᠡᠮ ᠤᠨ ᠳᠠᠭᠠᠳᠬᠠᠯ ᠤᠨ ᠵᠠᠰᠠᠭ ᠵᠠᠬᠢᠷᠭᠠᠨ ᠤ ᠰᠠᠯᠠᠭᠠ ᠮᠦᠴᠢᠷ ᠡᠴᠡ ᠳᠤᠰᠢᠶᠠᠭᠰᠠᠨ ᠨᠡᠶᠢᠬᠡᠮ ᠤᠨ | ᠳᠠᠭᠠᠳᠬᠠᠯ ᠢ ᠨᠢ ᠪᠤᠴᠠᠭᠠᠯᠭᠠᠬᠤ ᠳᠡᠳᠦᠢ ᠦᠬᠡᠢ᠂ ᠳᠤᠰᠢᠶᠠᠭᠰᠠᠨ ᠮᠦᠩᠬᠦᠨ ᠤ ᠬᠢᠨᠢ 2-5 ᠳᠠᠬᠢᠨ ᠢᠶᠡᠷ ᠳᠤᠷᠭᠠᠨᠠ ᠬᠡᠵᠡᠢ᠃ | ᠳᠡᠬᠡᠪᠡᠯ ᠠᠯᠪᠠᠨ ᠪᠠᠶᠢᠭᠤᠯᠭᠠ ᠦᠬᠡᠢ ᠬᠦᠮᠦᠰ ᠶᠠᠭᠠᠬᠢᠵᠤ ᠨᠡᠶᠢᠬᠡᠮ ᠤᠨ ᠳᠠᠭᠠᠳᠬᠠᠯ ᠳᠤ ᠤᠷᠤᠯᠴᠠᠬᠤ ᠪᠤᠢ | ᠨᠡᠶᠢᠬᠡᠮ ᠤᠨ ᠳᠠᠭᠠᠳᠬᠠᠯ ᠤᠨ ᠬᠠᠤᠯᠢ ᠳᠠᠭᠠᠤ ᠦᠪᠡᠷ ᠤᠨ ᠳᠤᠷᠠ ᠡᠴᠡ ᠪᠡᠨ ᠳᠠᠭᠠᠳᠬᠠᠯ ᠤᠨ ᠠᠯᠪᠠᠨ | ᠪᠠᠶᠢᠭᠤᠯᠭᠠ ᠳᠤ ᠬᠦᠷᠴᠤ ᠪᠦᠷᠢᠳᠬᠡᠬᠦᠯᠦᠨ ᠬᠦᠢᠴᠡᠳᠬᠡᠨᠡ᠃ | | |