ᠡᠯᠠ ᠱᠠᠲᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠶᠢ ᠪᠦᠷ ᠬᠠᠤᠯᠢ | ᠴᠠᠭᠠᠵᠠ ᠳᠤ ᠲᠤᠭᠲᠠᠭᠠᠭᠰᠠᠠ ᠲᠤᠭᠲᠠᠭᠠᠯ ᠶᠤᠰᠤᠭᠠᠷ᠂ ᠠᠷᠠᠳᠴᠢᠯᠠᠯ ᠢᠶᠠᠷ ᠰᠤᠩᠭᠤᠨ ᠭᠠᠷᠭᠠᠵᠤ ᠪᠠᠶᠢᠨᠠ᠃ | 1. ᠠᠷᠠᠳ ᠢᠷᠭᠡᠳ ᠤᠨ ᠰᠤᠩᠭᠤᠬᠤ ᠡᠷᠭᠡ ᠪᠤᠯᠤᠨ ᠰᠤᠩᠭᠤᠭᠲᠠᠬᠤ ᠡᠷᠭᠡ ᠪᠤᠯ ᠨᠡᠶᠢᠲᠡᠮ ᠳᠤᠨᠢ ᠪᠠᠶᠢᠲᠠᠭ᠃ | ᠪᠦᠬᠦᠯᠢ 18 ᠨᠠᠰᠤ ᠬᠦᠷᠦᠭᠰᠡᠡ ᠲᠤᠮᠲᠠᠲᠤ ᠤᠯᠤᠰ ᠤᠨ ᠠᠷᠠᠳ ᠢᠷᠭᠡᠳ ᠪᠦᠷ ᠦᠨᠲᠦᠰᠦᠲᠡᠡ᠂ ᠤᠭᠰᠠᠭᠠᠲᠠᠠ᠂ ᠬᠦᠢᠰᠤ | ᠢᠯᠭᠠᠯ᠂ ᠲᠤᠬᠠᠢᠢᠯᠠᠭᠰᠠᠠ ᠠᠵᠢᠯ᠂ ᠭᠡᠷ ᠤᠨ ᠭᠠᠷᠤᠯ᠂ ᠱᠠᠰᠢᠨ ᠰᠢᠲᠦᠯᠭᠡ᠂ ᠰᠤᠷᠭᠠᠠ ᠬᠦᠮᠦᠵᠢᠯ ᠬᠦᠷᠲᠡᠭᠰᠡᠡ ᠬᠢᠷᠢ ᠬᠡᠮᠵᠢᠶᠠ᠂ | ᠡᠳ᠋ ᠬᠦᠷᠦᠩᠭᠡ ᠶᠢᠨ ᠪᠠᠶᠢᠲᠠᠯ᠂ ᠨᠤᠲᠤᠭᠰᠢᠨ ᠰᠠᠭᠤᠭᠰᠠᠠ ᠬᠤᠭᠤᠴᠠᠭᠠ ᠭᠡᠵᠦ ᠢᠯᠭᠠᠯ ᠦᠭᠡᠢ ᠰᠤᠩᠭᠤᠬᠤ ᠡᠷᠭᠡ ᠲᠠᠢ | ᠪᠦᠭᠡᠳ ᠰᠤᠩᠭᠤᠭᠲᠠᠬᠤ ᠡᠷᠭᠡ ᠲᠠᠢ︔ ᠭᠡᠲᠡᠯᠠ ᠬᠠᠤᠯᠢ ᠴᠠᠭᠠᠵᠠ ᠶᠤᠰᠤᠭᠠᠷ ᠤᠯᠤᠰ ᠲᠦᠷᠦ ᠶᠢᠨ ᠡᠷᠭᠡ ᠶᠢ ᠨᠢ ᠬᠠᠰᠤᠭᠰᠠᠠ | ᠬᠦᠮᠦᠨ ᠡᠭᠦᠨ ᠳᠤ ᠪᠠᠭᠲᠠᠬᠤ ᠦᠭᠡᠢ᠃ | 2. ᠰᠤᠩᠭᠤᠭᠤᠯᠢ ᠳᠤ ᠰᠢᠭᠤᠳ ᠰᠤᠩᠭᠤᠯᠲᠠ ᠪᠠ ᠲᠠᠮ ᠰᠤᠩᠭᠤᠯᠲᠠ ᠭᠡᠵᠦ ᠬᠤᠶᠠᠷ ᠵᠦᠢᠯ ᠤᠨ ᠠᠷᠭᠠ | ᠪᠤᠢ᠃ ᠰᠤᠩᠭᠤᠭᠤᠯᠢ ᠶᠢᠨ ᠲᠤᠭᠤᠷᠢᠭ ᠭᠠᠷᠭᠠᠭᠰᠠᠠ ᠦᠭᠡᠢ ᠬᠤᠲᠠ᠂ ᠬᠤᠲᠠ ᠶᠢᠨ ᠬᠠᠷᠢᠶᠠᠲᠦ ᠲᠤᠭᠤᠷᠢᠭ᠂ ᠰᠢᠶᠠᠠ᠂ | ᠦᠪᠡᠷᠲᠡᠭᠡᠡ ᠵᠠᠰᠠᠬᠤ ᠰᠢᠶᠠᠠ᠂ ᠰᠢᠶᠠᠩ᠂ ᠦᠨᠲᠦᠰᠦᠲᠡᠡ ᠤ ᠰᠢᠶᠠᠩ᠂ ᠪᠠᠯᠭᠠᠰᠤᠨ ᠤ ᠠᠷᠠᠳ ᠤᠨ ᠲᠦᠯᠦᠭᠡᠯᠡᠭᠴᠢᠳ ᠤᠨ ᠶᠡᠭᠡ | ᠬᠤᠷᠠᠯ ᠤᠨ ᠲᠦᠯᠦᠭᠡᠯᠡᠭᠴᠢ ᠶᠢ ᠰᠤᠩᠭᠤᠭᠤᠯᠢ ᠶᠢᠨ ᠠᠷᠠᠳ ᠰᠢᠭᠤᠳ ᠰᠤᠩᠭᠤᠨ ᠭᠠᠷᠭᠠᠨᠠ᠃ ᠪᠦᠬᠦ ᠤᠯᠤᠰ ᠤᠨ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ᠂ ᠮᠤᠵᠢ᠂ ᠦᠪᠡᠷᠲᠡᠭᠡᠡ ᠵᠠᠰᠠᠬᠤ ᠤᠷᠤᠨ᠂ ᠰᠢᠭᠤᠳ | ᠬᠠᠷᠢᠶᠠ ᠬᠤᠲᠠ᠂ ᠰᠤᠩᠭᠤᠭᠤᠯᠢ ᠶᠢᠨ ᠲᠤᠭᠤᠷᠢᠭ ᠭᠠᠷᠭᠠᠭᠰᠠᠠ ᠬᠤᠲᠠ᠂ ᠦᠪᠡᠷᠲᠡᠭᠡᠡ ᠵᠠᠰᠠᠬᠤ ᠵᠸᠤ ᠶᠢᠨ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠶᠢ ᠲᠠᠮ ᠰᠤᠩᠭᠤᠭᠤᠯᠢ ᠶᠢᠨ ᠠᠷᠭᠠ ᠪᠠᠷ ᠲᠠᠮᠵᠢᠭᠤᠯᠵᠦ᠂ ᠲᠤᠤᠷᠠ ᠨᠢᠭᠡ | ᠱᠠᠲᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠠᠴᠠ ᠰᠤᠩᠭᠤᠨ ᠭᠠᠷᠭᠠᠨᠠ᠃ | 3. ᠰᠤᠩᠭᠤᠬᠤ ᠪᠤᠲᠠᠲᠠᠢ ᠠᠷᠭᠠ ᠭᠡᠪᠡᠯ᠂ ᠰᠢᠭᠤᠳ ᠰᠤᠩᠭᠤᠭᠤᠯᠢ ᠲᠤᠮᠲᠠ᠂ ᠰᠤᠩᠭᠤᠭᠤᠯᠢ ᠶᠢᠨ ᠠᠷᠠᠳ ᠤᠨ | ᠰᠠᠭᠤᠵᠦ ᠪᠠᠶᠢᠭᠠ ᠪᠠᠶᠢᠲᠠᠯ ᠢ ᠦᠨᠲᠦᠰᠦᠯᠡᠬᠦ ᠪᠤᠶᠤ ᠡᠰᠡᠬᠦᠯᠠ ᠰᠤᠩᠭᠤᠭᠤᠯᠢ ᠶᠢᠨ ᠠᠷᠠᠳ ᠤᠨ ᠦᠢᠯᠡᠳᠪᠦᠷᠢᠯᠡᠯ ᠤᠨ ᠨᠢᠭᠡᠴᠠ᠂ | ᠠᠵᠢᠯᠯᠠᠵᠦ ᠪᠠᠶᠢᠭᠠ ᠨᠢᠭᠡᠴᠡ ᠶᠢ ᠦᠨᠲᠦᠰᠦᠯᠡᠵᠦ ᠬᠡᠲᠦ ᠬᠡᠲᠦᠨ ᠰᠤᠩᠭᠤᠭᠤᠯᠢ ᠶᠢᠨ ᠲᠤᠭᠤᠷᠢᠭ ᠬᠤᠪᠢᠶᠠᠵᠦ᠂ | ᠰᠤᠩᠭᠤᠭᠤᠯᠢ ᠶᠢᠨ ᠲᠤᠭᠤᠷᠢᠭ ᠢ ᠦᠨᠲᠦᠰᠦᠯᠡᠵᠦ ᠲᠦᠯᠦᠭᠡᠯᠡᠭᠴᠢ ᠶᠢᠨ ᠵᠢᠱᠢᠭᠲᠡᠭᠴᠢ ᠶᠢᠨ ᠨᠡᠷᠠ ᠶᠢ ᠲᠤᠷᠠᠲᠤᠨᠠ᠃ | ᠲᠦᠯᠦᠭᠡᠯᠡᠭᠴᠢ ᠶᠢᠨ ᠬᠦᠮᠦᠨ ᠤ ᠲᠤᠭᠠ ᠶᠢ ᠰᠤᠩᠭᠤᠭᠤᠯᠢ ᠶᠢᠨ ᠺᠤᠮᠢᠰ ᠠᠴᠠ ᠬᠤᠲᠠ ᠬᠦᠲᠡᠭᠡ ᠶᠢᠨ ᠬᠦᠮᠦᠨ ᠠᠮᠠ ᠶᠢᠨ ᠬᠠᠷᠢᠴᠠᠯ | ᠶᠤᠰᠤᠭᠠᠷ ᠬᠤᠪᠢᠶᠠᠷᠢᠯᠠᠨᠠ᠃ ᠰᠢᠶᠠᠠ ᠤ ᠱᠠᠲᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠶᠢᠨ | ᠲᠤᠭᠠ ᠶᠢ 450 ᠬᠦᠮᠦᠨ ᠠᠴᠠ ᠬᠡᠲᠦᠷᠡᠭᠦᠯᠵᠦ ᠪᠤᠯᠬᠤ ᠦᠭᠡᠢ᠂ ᠰᠢᠶᠠᠩ᠂ ᠪᠠᠯᠭᠠᠰᠤᠨ ᠤ ᠠᠷᠠᠳ ᠤᠨ ᠲᠦᠯᠦᠭᠡᠯᠡᠭᠴᠢᠳ ᠤᠨ | ᠶᠡᠭᠡ ᠬᠤᠷᠠᠯ ᠤᠨ ᠲᠦᠯᠦᠭᠡᠯᠡᠭᠴᠢ ᠶᠢᠨ ᠲᠤᠭᠠ ᠶᠢ ᠡᠩ ᠤᠨ ᠪᠠᠶᠢᠲᠠᠯ ᠲᠤᠤᠷᠠ 100 ᠬᠦᠮᠦᠨ ᠠᠴᠠ ᠬᠡᠲᠦᠷᠡᠭᠦᠯᠬᠦ ᠦᠭᠡᠢ᠂ | ᠬᠦᠮᠦᠨ ᠠᠮᠠ ᠨᠢ 13 ᠲᠦᠮᠡ ᠶᠢ ᠲᠠᠪᠠᠭᠰᠠᠠ ᠪᠠᠯᠭᠠᠰᠤ ᠪᠤᠯ 130 ᠬᠦᠮᠦᠨ ᠠᠴᠠ ᠲᠠᠪᠠᠭᠤᠯᠬᠤ ᠦᠭᠡᠢ᠂ ᠬᠦᠮᠦᠨ ᠠᠮᠠᠠ | ᠲᠤᠭᠠ ᠨᠢ 2000 ᠬᠦᠷᠬᠦ ᠦᠭᠡᠢ ᠰᠢᠶᠠᠩ᠂ ᠦᠨᠲᠦᠰᠦᠲᠡᠡ ᠤ ᠰᠢᠶᠠᠩ᠂ ᠪᠠᠯᠭᠠᠰᠤᠨ ᠤ ᠲᠦᠯᠦᠭᠡᠯᠡᠭᠴᠢ ᠶᠢᠨ ᠬᠦᠮᠦᠨ ᠤ | ᠲᠤᠭᠠ ᠶᠢ ᠡᠩ ᠤᠨ ᠪᠠᠶᠢᠲᠠᠯ ᠲᠤᠤᠷᠠ 40 ᠬᠦᠮᠦᠨ ᠠᠴᠠ ᠪᠠᠭᠠ ᠪᠠᠶᠢᠯᠭᠠᠨᠠ᠃ ᠲᠦᠯᠦᠭᠡᠯᠡᠭᠴᠢ ᠶᠢᠨ ᠵᠢᠱᠢᠭᠲᠡᠭᠴᠢ ᠶᠢ ᠡᠯᠠ | ᠲᠦᠷᠦ ᠶᠢᠨ ᠨᠠᠮ᠂ ᠡᠯᠠ ᠠᠷᠠᠳ ᠤᠨ ᠪᠦᠯᠬᠦᠮ ᠠᠴᠠ ᠬᠠᠮᠲᠤᠷᠠᠵᠦ ᠲᠠᠨᠢᠯᠴᠠᠭᠤᠯᠬᠤ ᠪᠤᠶᠤ ᠭᠠᠭᠴᠠᠭᠠᠷ ᠲᠠᠨᠢᠯᠴᠠᠭᠤᠯᠵᠦ ᠪᠤᠯᠤᠨᠠ᠂ | 10 ᠬᠦᠮᠦᠨ ᠠᠴᠠ ᠲᠡᠭᠡᠭᠰᠢᠬᠢ ᠰᠤᠩᠭᠤᠭᠤᠯᠢ ᠶᠢᠨ ᠠᠷᠠᠳ ᠪᠠᠰᠠ ᠨᠡᠷᠠ ᠬᠠᠮᠲᠤᠷᠠᠵᠦ ᠲᠦᠯᠦᠭᠡᠯᠡᠭᠴᠢ ᠶᠢᠨ ᠵᠢᠱᠢᠭᠲᠡᠭᠴᠢ ᠶᠢ | ᠲᠠᠨᠢᠯᠴᠠᠭᠤᠯᠵᠦ ᠪᠤᠯᠤᠨᠠ᠃ ᠵᠦᠷᠢᠶᠡᠲᠦ ᠲᠤᠭᠠ ᠪᠠᠷ ᠰᠤᠩᠭᠤᠬᠤ ᠠᠷᠭᠠ ᠶᠢ ᠬᠡᠷᠡᠭᠵᠢᠭᠦᠯᠦᠨᠠ᠃ ᠲᠦᠯᠦᠭᠡᠯᠡᠭᠴᠢ ᠶᠢᠨ | ᠵᠢᠱᠢᠭᠲᠡᠭᠴᠢ ᠶᠢᠨ ᠲᠤᠭᠠ ᠶᠢ ᠰᠤᠩᠭᠤᠭᠤᠯᠢ ᠳᠤ ᠤᠷᠤᠯᠴᠠᠪᠠᠯ ᠵᠤᠬᠢᠬᠤ ᠬᠦᠮᠦᠨ ᠤ ᠲᠤᠭᠠ ᠶᠢᠨ ᠭᠤᠷᠪᠠᠠ ᠤ ᠨᠢᠭᠡ ᠬᠤᠪᠢ | ᠪᠤᠶᠤ ᠲᠡᠭᠦᠨ ᠠᠴᠠ ᠨᠢᠭᠡ ᠲᠠᠬᠢᠨ ᠢᠯᠡᠭᠦᠦ ᠪᠠᠶᠢᠯᠭᠠᠨᠠ᠃ ᠰᠤᠩᠭᠤᠭᠤᠯᠢ ᠳᠤ ᠨᠡᠷᠠ ᠲᠡᠮᠲᠡᠭᠯᠡᠬᠦ ᠦᠭᠡᠢ ᠪᠠᠷ ᠪᠢᠯᠧᠲ ᠦᠭᠬᠦ | ᠠᠷᠭᠠ ᠶᠢ ᠬᠡᠷᠡᠭᠯᠡᠨᠠ᠃ ᠰᠤᠩᠭᠤᠭᠤᠯᠢ ᠶᠢᠨ ᠲᠤᠭᠤᠷᠢᠭ ᠤᠨ ᠪᠦᠬᠦ ᠰᠤᠩᠭᠤᠭᠤᠯᠢ ᠶᠢᠨ ᠠᠷᠠᠳ ᠤᠨ ᠬᠠᠭᠠᠰ ᠲᠤᠭᠠᠠ ᠠᠴᠠ | ᠲᠡᠭᠡᠭᠰᠢᠬᠢ ᠬᠦᠮᠦᠨ ᠪᠢᠯᠧᠲ ᠦᠭᠭᠦᠯᠲᠡ ᠳᠤ ᠤᠷᠤᠯᠴᠠᠭᠰᠠᠠ ᠪᠠᠶᠢᠪᠠᠯ ᠰᠤᠩᠭᠤᠭᠤᠯᠢ ᠨᠢ ᠬᠦᠴᠤᠨ ᠲᠠᠢ ᠪᠤᠯᠤᠨᠠ᠂ | ᠲᠦᠯᠦᠭᠡᠯᠡᠭᠴᠢ ᠶᠢᠨ ᠵᠢᠱᠢᠭᠲᠡᠭᠴᠢ ᠰᠤᠩᠭᠤᠭᠤᠯᠢ ᠳᠤ ᠤᠷᠤᠯᠴᠠᠭᠰᠠᠠ ᠰᠤᠩᠭᠤᠭᠤᠯᠢ ᠶᠢᠨ ᠠᠷᠠᠳ ᠤᠨ ᠬᠠᠭᠠᠰ ᠠᠴᠠ ᠲᠡᠭᠡᠭᠰᠢᠬᠢ | ᠰᠤᠩᠭᠤᠭᠤᠯᠢ ᠶᠢᠨ ᠪᠢᠯᠧᠲ ᠢ ᠤᠯᠤᠭᠰᠠᠠ ᠪᠠᠶᠢᠬᠤ ᠬᠡᠷᠡᠭᠲᠡᠢ᠃ | ᠲᠠᠮ ᠰᠤᠩᠭᠤᠭᠤᠯᠢ ᠲᠤᠮᠲᠠ᠂ ᠰᠤᠩᠭᠤᠭᠤᠯᠢ ᠶᠢᠨ ᠨᠢᠭᠡᠴᠡ ᠠᠴᠠ ᠲᠦᠯᠦᠭᠡᠯᠡᠭᠴᠢ ᠶᠢᠨ ᠵᠢᠱᠢᠭᠲᠡᠭᠴᠢ ᠶᠢ | ᠨᠡᠷᠠ ᠲᠤᠷᠠᠳᠬᠤ ᠶᠤᠰᠤᠭᠠᠷ ᠲᠦᠯᠦᠭᠡᠯᠡᠭᠴᠢ ᠶᠢ ᠰᠤᠩᠭᠤᠨᠠ᠂ ᠵᠢᠱᠢᠶᠡᠯᠡᠪᠡᠯ ᠮᠤᠵᠢ ᠶᠢᠨ ᠱᠠᠲᠤᠨ ᠤ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠶᠢ ᠮᠤᠵᠢ ᠶᠢᠨ ᠬᠠᠷᠢᠶᠠᠠ ᠳᠠᠬᠢ ᠰᠤᠩᠭᠤᠭᠤᠯᠢ ᠶᠢᠨ ᠲᠤᠭᠤᠷᠢᠭ | ᠪᠠᠶᠢᠭᠤᠯᠤᠭᠰᠠᠠ ᠬᠤᠲᠠ᠂ ᠦᠪᠡᠷᠲᠡᠭᠡᠡ ᠵᠠᠰᠠᠬᠤ ᠵᠸᠤ᠂ ᠲᠤᠭᠤᠷᠢᠭ ᠪᠠᠶᠢᠭᠤᠯᠤᠭᠰᠠᠠ ᠦᠭᠡᠢ ᠬᠤᠲᠠ᠂ ᠰᠢᠶᠠᠠ᠂ ᠦᠪᠡᠷᠲᠡᠭᠡᠡ | ᠵᠠᠰᠠᠬᠤ ᠰᠢᠶᠠᠠ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠠᠴᠠ ᠰᠤᠩᠭᠤᠵᠦ ᠭᠠᠷᠭᠠᠨᠠ᠃ ᠪᠦᠬᠦ ᠤᠯᠤᠰ ᠤᠨ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠶᠢ ᠮᠤᠵᠢ᠂ ᠦᠪᠡᠷᠲᠡᠭᠡᠡ ᠵᠠᠰᠠᠬᠤ ᠤᠷᠤᠨ᠂ ᠰᠢᠭᠤᠳ | ᠬᠠᠷᠢᠶᠠ ᠬᠤᠲᠠ ᠶᠢᠨ ᠠᠷᠠᠳ ᠤᠨ ᠲᠦᠯᠦᠭᠡᠯᠡᠭᠴᠢ ᠶᠢᠨ ᠶᠡᠭᠡ ᠬᠤᠷᠠᠯ ᠠᠴᠠ ᠰᠤᠩᠭᠤᠨ ᠭᠠᠷᠭᠠᠨᠠ᠂ ᠭᠡᠲᠡᠯᠠ ᠲᠤᠮᠲᠠᠲᠤ | ᠤᠯᠤᠰ ᠤᠨ ᠠᠷᠠᠳ ᠤᠨ ᠴᠢᠯᠦᠭᠡᠯᠡᠬᠦ ᠴᠡᠷᠢᠭ ᠤᠨ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ | ᠲᠦᠯᠦᠭᠡᠯᠡᠭᠴᠢ ᠶᠢ ᠴᠡᠷᠢᠭ ᠠᠩᠭᠢ ᠠᠴᠠ ᠰᠤᠩᠭᠤᠨ ᠭᠠᠷᠭᠠᠨᠠ︔ ᠰᠢᠶᠠᠩᠭᠠᠩ᠂ ᠤᠤᠮᠧᠨ ᠤᠨᠴᠠᠭᠠᠢ ᠵᠠᠰᠠᠭ ᠵᠠᠬᠢᠷᠭᠠᠠ ᠤ | ᠤᠷᠤᠨ ᠤ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠶᠢ ᠰᠢᠶᠠᠩᠭᠠᠩ᠂ | ᠤᠤᠮᠧᠨ ᠤ ᠰᠠᠭᠤᠭᠠᠯᠢ ᠠᠷᠠᠳ ᠤᠨ ᠲᠤᠲᠤᠷᠠᠬᠢ ᠲᠤᠮᠲᠠᠲᠤ ᠤᠯᠤᠰ ᠤᠨ ᠠᠷᠠᠳ ᠢᠷᠭᠡᠳ ᠬᠠᠤᠯᠢ ᠶᠤᠰᠤᠭᠠᠷ ᠰᠤᠩᠭᠤᠨ | ᠭᠠᠷᠭᠠᠨᠠ︔ ᠲᠠᠶᠢᠸᠠᠠ ᠮᠤᠵᠢ ᠶᠢᠨ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠶᠢ | ᠡᠬᠡ ᠤᠯᠤᠰ ᠤᠨ ᠡᠭᠡ ᠬᠠᠭᠤᠷᠠᠢ ᠶᠢᠨ ᠲᠠᠶᠢᠸᠠᠠ ᠮᠤᠵᠢ ᠶᠢᠨ ᠬᠠᠷᠢᠶᠠ ᠲᠠᠢ ᠠᠬᠠ ᠲᠡᠭᠦᠦ ᠨᠠᠷ ᠵᠦᠪᠲᠡᠵᠦ ᠰᠤᠩᠭᠤᠬᠤ | ᠬᠤᠷᠠᠯ ᠠᠴᠠ ᠰᠤᠩᠭᠤᠨ ᠭᠠᠷᠭᠠᠨᠠ᠃ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ | ᠲᠦᠯᠦᠭᠡᠯᠡᠭᠴᠢ ᠶᠢᠨ ᠲᠤᠭᠠ ᠶᠢ 3000 ᠬᠦᠮᠦᠨ ᠠᠴᠠ ᠬᠡᠲᠦᠷᠡᠭᠦᠯᠵᠦ ᠪᠤᠯᠬᠤ ᠦᠭᠡᠢ᠃ ᠮᠤᠵᠢ ᠶᠢᠨ ᠱᠠᠲᠤᠨ ᠤ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠶᠢᠨ ᠬᠦᠮᠦᠨ ᠤ ᠲᠤᠭᠠ ᠶᠢ 1000 ᠬᠦᠮᠦᠨ ᠠᠴᠠ ᠬᠡᠲᠦᠷᠡᠭᠦᠯᠵᠦ | ᠪᠤᠯᠬᠤ ᠦᠭᠡᠢ᠂ ᠰᠤᠩᠭᠤᠭᠤᠯᠢ ᠶᠢᠨ ᠲᠤᠭᠤᠷᠢᠭ ᠪᠠᠶᠢᠭᠤᠯᠤᠭᠰᠠᠠ ᠬᠤᠲᠠ᠂ ᠦᠪᠡᠷᠲᠡᠭᠡᠡ ᠵᠠᠰᠠᠬᠤ ᠵᠸᠤ ᠶᠢᠨ | ᠲᠦᠯᠦᠭᠡᠯᠡᠭᠴᠢ ᠶᠢᠨ ᠬᠦᠮᠦᠨ ᠤ ᠲᠤᠭᠠ ᠶᠢ 650 ᠬᠦᠮᠦᠨ ᠠᠴᠠ ᠬᠡᠳᠦᠷᠡᠭᠦᠯᠵᠤ ᠪᠤᠯᠬᠤ ᠦᠭᠡᠢ᠃ ᠲᠦᠯᠦᠭᠡᠯᠡᠭᠴᠢ ᠶᠢᠨ | ᠬᠦᠮᠦᠨ ᠤ ᠲᠤᠭᠠ ᠶᠢ ᠬᠦᠲᠡᠭᠡ ᠲᠤᠰᠬᠤᠨ ᠤ ᠨᠢᠭᠡ ᠲᠦᠯᠦᠭᠡᠯᠡᠭᠴᠢ ᠶᠢᠨ ᠲᠦᠯᠦᠭᠡᠯᠡᠬᠦ ᠬᠦᠮᠦᠨ ᠠᠮᠠ ᠶᠢᠨ ᠲᠤᠭᠠ ᠨᠢ | ᠬᠤᠲᠠ ᠶᠢᠨ ᠲᠦᠯᠦᠭᠡᠯᠡᠭᠴᠢ ᠨᠢᠭᠡᠪᠦᠷᠢ ᠶᠢᠨ ᠲᠦᠯᠦᠭᠡᠯᠡᠬᠦ ᠬᠦᠮᠦᠨ ᠠᠮᠠ ᠶᠢᠨ ᠲᠤᠭᠠ ᠶᠢᠨ 4 ᠲᠠᠬᠢᠨ ᠪᠠᠶᠢᠯᠭᠠᠬᠤ ᠵᠠᠷᠴᠢᠮ ᠢᠶᠠᠷ | ᠬᠤᠪᠢᠶᠠᠷᠢᠯᠠᠨᠠ᠂ ᠵᠢᠱᠢᠶᠡᠯᠡᠪᠡᠯ ᠶᠢᠰᠦᠲᠦᠭᠡᠷ ᠬᠤᠭᠤᠴᠠᠭᠠᠠ ᠤ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ | ᠬᠤᠷᠠᠯ ᠤᠨ ᠲᠦᠯᠦᠭᠡᠯᠡᠭᠴᠢ ᠶᠢᠨ ᠬᠦᠮᠦᠨ ᠤ ᠲᠤᠭᠠ ᠶᠢ ᠬᠦᠲᠡᠭᠡ ᠲᠤᠰᠬᠤᠨ ᠳᠤ 88 ᠲᠦᠮᠡᠡ ᠬᠦᠮᠦᠨ ᠤ | ᠲᠤᠲᠤᠷᠠ ᠠᠴᠠ ᠨᠢᠭᠡ ᠶᠢ ᠰᠤᠩᠭᠤᠵᠦ᠂ ᠬᠤᠲᠠ ᠳᠤ 22 ᠲᠦᠮᠡᠡ ᠬᠦᠮᠦᠨ ᠤ ᠲᠤᠲᠤᠷᠠ ᠠᠴᠠ 1 ᠶᠢ ᠰᠤᠩᠭᠤᠬᠤ | ᠵᠠᠷᠴᠢᠮ ᠢᠶᠠᠷ ᠬᠤᠪᠢᠶᠠᠷᠢᠯᠠᠵᠠᠢ᠃ ᠠᠷᠠᠳ ᠤᠨ ᠴᠢᠯᠦᠭᠡᠯᠡᠬᠦ ᠴᠡᠷᠢᠭ ᠪᠤᠯᠤᠨ ᠵᠡᠪᠰᠡᠭᠲᠦ ᠴᠠᠭᠲᠠᠭᠠ ᠶᠢᠨ ᠴᠡᠷᠢᠭ ᠠᠩᠭᠢ ᠶᠢᠨ | ᠲᠦᠯᠦᠭᠡᠯᠡᠭᠴᠢ ᠶᠢᠨ ᠬᠦᠮᠦᠨ ᠤ ᠲᠤᠭᠠ ᠶᠢ ᠬᠦᠮᠦᠨ ᠠᠮᠠ ᠶᠢᠨ ᠲᠤᠭᠠ ᠪᠠᠷ ᠬᠤᠪᠢᠶᠠᠷᠢᠯᠠᠬᠤ ᠦᠭᠡᠢ᠂ ᠬᠠᠷᠢᠨ ᠪᠦᠬᠦ ᠤᠯᠤᠰ ᠤᠨ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠ ᠪᠤᠯᠤᠨ ᠤᠷᠤᠨ ᠨᠤᠲᠤᠭ ᠤᠨ ᠡᠯᠠ ᠱᠠᠲᠤᠨ ᠤ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠ ᠠᠴᠠ ᠲᠤᠭᠲᠠᠭᠠᠨᠠ᠃ ᠡᠭᠦᠨ ᠤ ᠲᠠᠭᠠᠤ ᠳᠤ᠂ | ᠬᠠᠤᠯᠢ ᠴᠠᠭᠠᠵᠠ ᠳᠤ ᠪᠠᠰᠠ ᠴᠦᠬᠡᠡ ᠲᠤᠭᠠᠲᠦ ᠦᠨᠲᠦᠰᠦᠲᠡᠡ ᠲᠦᠪᠯᠡᠷᠡᠡ ᠰᠠᠭᠤᠭᠰᠠᠠ ᠭᠠᠵᠠᠷ ᠤᠨ ᠨᠢᠭᠡ ᠲᠦᠯᠦᠭᠡᠯᠡᠭᠴᠢ ᠶᠢᠨ | ᠲᠦᠯᠦᠭᠡᠯᠡᠬᠦ ᠬᠦᠮᠦᠨ ᠠᠮᠠ ᠶᠢᠨ ᠲᠤᠭᠠ ᠪᠠᠷ ᠲᠤᠭᠲᠠᠭᠠᠵᠦ᠂ ᠬᠦᠮᠦᠨ ᠠᠮᠠ ᠤᠨᠴᠠᠭᠠᠢ ᠪᠠᠭᠠ ᠦᠨᠲᠦᠰᠦᠲᠡᠡ ᠪᠤᠯᠤᠭᠰᠠᠠ ᠴᠤ | ᠠᠲᠠᠭ ᠲᠠᠭᠠᠨ 1 ᠲᠦᠯᠦᠭᠡᠯᠡᠭᠴᠢ ᠪᠠᠶᠢᠬᠤ ᠬᠡᠷᠡᠭᠲᠡᠢ᠃ ᠡᠯᠠ ᠲᠦᠷᠦ ᠶᠢᠨ ᠨᠠᠮ᠂ ᠡᠯᠠ ᠠᠷᠠᠳ ᠤᠨ ᠪᠦᠯᠬᠦᠮ ᠪᠠᠰᠠ | ᠲᠦᠯᠦᠭᠡᠯᠡᠭᠴᠢ ᠶᠢᠨ ᠵᠢᠱᠢᠭᠲᠡᠭᠴᠢ ᠶᠢ ᠬᠠᠮᠲᠤᠷᠠᠵᠦ ᠪᠠᠶᠢᠭᠠᠳ ᠪᠤᠶᠤ ᠭᠠᠭᠴᠠᠭᠠᠷ ᠢᠶᠠᠨ ᠲᠠᠨᠢᠯᠴᠠᠭᠤᠯᠵᠦ ᠪᠤᠯᠤᠨᠠ᠂ 10 | ᠬᠦᠮᠦᠨ ᠠᠴᠠ ᠲᠡᠭᠡᠭᠰᠢᠬᠢ ᠲᠦᠯᠦᠭᠡᠯᠡᠭᠴᠢ ᠪᠠᠰᠠ ᠨᠡᠷᠠ ᠬᠠᠮᠲᠤᠷᠠᠵᠦ ᠲᠦᠯᠦᠭᠡᠯᠡᠭᠴᠢ ᠶᠢᠨ ᠵᠢᠱᠢᠭᠲᠡᠭᠴᠢ ᠶᠢ ᠲᠠᠨᠢᠯᠴᠠᠭᠤᠯᠵᠦ | ᠪᠤᠯᠤᠨᠠ᠃ ᠵᠦᠷᠢᠶᠡᠲᠦ ᠲᠤᠭᠠ ᠪᠠᠷ ᠰᠤᠩᠭᠤᠬᠤ ᠠᠷᠭᠠ ᠶᠢ ᠬᠡᠷᠡᠭᠵᠢᠭᠦᠯᠦᠨᠠ᠃ ᠵᠢᠱᠢᠭᠲᠡᠭᠴᠢ ᠶᠢᠨ ᠬᠦᠮᠦᠨ ᠤ ᠲᠤᠭᠠ ᠨᠢ | ᠲᠦᠯᠦᠭᠡᠯᠡᠭᠴᠢ ᠶᠢᠨ ᠬᠦᠮᠦᠨ ᠤ ᠲᠤᠭᠠᠠ ᠤ ᠲᠠᠪᠤᠨ ᠤ ᠨᠢᠭᠡ ᠬᠤᠪᠢ ᠠᠴᠠ ᠬᠤᠶᠠᠷ ᠤᠨ ᠨᠢᠭᠡ ᠬᠤᠪᠢ ᠢᠯᠡᠭᠦᠦ ᠪᠠᠶᠢᠬᠤ | ᠬᠡᠷᠡᠭᠲᠡᠢ᠃ ᠨᠡᠷᠠ ᠲᠡᠮᠲᠡᠭᠯᠡᠬᠦ ᠦᠭᠡᠢ ᠪᠠᠷ ᠪᠢᠯᠧᠲ ᠦᠭᠴᠤ ᠰᠤᠩᠭᠤᠬᠤ ᠠᠷᠭᠠ ᠶᠢ ᠬᠡᠷᠡᠭᠯᠡᠪᠡᠯ᠂ ᠵᠢᠱᠢᠭᠲᠡᠭᠴᠢ ᠪᠦᠬᠦ | ᠲᠦᠯᠦᠭᠡᠯᠡᠭᠴᠢᠳ ᠤᠨ ᠬᠠᠭᠠᠰ ᠠᠴᠠ ᠲᠡᠭᠡᠭᠰᠢᠬᠢ ᠰᠤᠩᠭᠤᠭᠤᠯᠢ ᠶᠢᠨ ᠪᠢᠯᠧᠲ ᠢ ᠤᠯᠪᠠᠯ ᠰᠠᠶᠢ ᠰᠤᠩᠭᠤᠬᠲᠠᠵᠦ ᠪᠤᠯᠤᠨᠠ᠃ |