ᠵᠤᠨ ᠤ ᠤᠯᠠᠷᠢᠯ ᠤᠨ ᠬᠦᠯᠦᠨ ᠨᠠᠭᠤᠷ ᠲᠤ᠂ ᠬᠦᠬᠡ ᠤᠬᠲᠠᠷᠭᠤᠢ ᠴᠡᠯᠮᠡᠶᠢᠨ᠂ ᠬᠦᠪᠦᠩ ᠡᠬᠦᠯᠡ ᠬᠦᠪᠪᠦᠯᠵᠡᠵᠦ᠂ ᠲᠤᠩᠭᠠᠯᠠᠭ | ᠤᠰᠤ ᠮᠡᠯᠮᠡᠯᠵᠡᠨᠡ᠃ ᠲᠤᠯᠬᠢᠶᠠᠯᠠᠨ ᠠᠷᠯᠠᠬᠰᠠᠨ ᠨᠠᠭᠤᠷ ᠤᠨ ᠲᠡᠭᠡᠷᠡ ᠪᠠᠶᠢᠷᠢᠯᠠᠬᠰᠠᠨ ᠰᠡᠷᠢᠬᠦᠴᠡᠬᠦ ᠲᠢᠩᠬᠢᠮ ᠶᠠᠭ ᠯᠡ ᠲᠦᠷᠪᠡᠨ ᠵᠦᠭ | ᠨᠠᠢᠮᠠᠨ ᠵᠤᠪᠬᠢᠰ ᠠᠴᠠ ᠮᠤᠷᠢᠯᠠᠨ ᠰᠠᠭᠠᠲᠠᠭᠰᠠᠨ ᠬᠡᠶᠢᠴᠢᠨ ᠵᠤᠴᠢᠳ ᠢᠶᠠᠨ ᠤᠬᠲᠤᠵᠦ ᠪᠠᠶᠢᠭᠠ ᠭᠡᠷ ᠤᠨ ᠡᠵᠡᠭᠳᠡᠢ ᠰᠢᠬ ᠭᠤᠸᠠ | ᠦᠵᠡᠰᠬᠦᠯᠡᠩ ᠲᠠᠢ ᠠᠵᠢ᠃ ᠰᠠᠶᠢᠬᠠᠨ ᠠᠳᠡ ᠢᠷᠡᠭᠰᠡᠨ ᠵᠤᠭᠠᠴᠠᠭᠰᠠᠳ ᠯᠠᠪᠲᠠᠢ ᠬᠦᠯᠦᠨ ᠨᠠᠭᠤᠷ ᠤᠨ ᠠᠷᠠᠯ ᠪᠠ ᠡᠷᠬᠢ ᠶᠢᠨ | ᠲᠤᠲᠤᠷᠠᠬᠢ ᠤᠴᠢᠷ ᠢ ᠮᠡᠳᠡᠬᠦ ᠦᠬᠡᠢ ᠮᠠᠭᠠᠳ᠂ ᠬᠦᠯᠦᠨ ᠨᠠᠭᠤᠷ ᠤᠨ ᠲᠤᠮᠲᠠ ᠪᠠᠶᠢᠷᠢᠰᠢᠭᠠ ᠠᠷᠠᠯ ᠠᠴᠠ ᠨᠠᠭᠤᠷ ᠤᠨ ᠡᠷᠬᠢ | ᠬᠦᠷᠳᠡᠯᠡᠬᠢ ᠵᠠᠢ ᠨᠢ ᠦᠨᠡᠨᠳᠡᠭᠡᠨ ᠨᠠᠭᠤᠷ ᠤᠨ ᠤᠰᠤᠨ ᠤ ᠬᠤᠪᠢᠷᠠᠯᠲᠠ ᠶᠢ ᠬᠡᠮᠵᠢᠳᠡᠭ ᠬᠡᠮᠵᠢᠬᠦᠷ ᠪᠠᠶᠢᠭᠠ ᠶᠤᠮ —2002 | ᠤᠨ ᠠᠴᠠ 2012 ᠤᠨ ᠤ ᠬᠤᠭᠤᠷᠤᠨᠲᠦ᠂ ᠬᠦᠯᠦᠨ ᠨᠠᠭᠤᠷ ᠤᠨ ᠤᠰᠤᠨ ᠤ ᠲᠦᠪᠰᠢᠨ ᠬᠦᠨᠲᠦ ᠨᠤᠴᠢᠲᠠᠢ ᠲᠤᠭᠤᠭᠰᠢᠯᠠᠵᠦ | ᠬᠠᠲᠠᠵᠦ ᠰᠢᠷᠬᠢᠭᠰᠡᠨ ᠠᠴᠠ ᠠᠷᠠᠯ ᠪᠠ ᠡᠷᠬᠢ ᠨᠢ ᠬᠤᠯᠪᠤᠯᠲᠤᠴᠢᠬᠠᠬᠰᠠᠨ ᠪᠠᠶᠢᠲᠠᠭ᠃ ᠤᠢᠢᠷᠠ ᠶᠢᠨ ᠵᠢᠯ ᠳᠤ᠂ ᠬᠦᠯᠦᠨ ᠨᠠᠭᠤᠷ ᠤᠨ | ᠤᠰᠤᠨ ᠤ ᠲᠦᠪᠰᠢᠨ ᠲᠠᠰᠤᠷᠠᠯᠲᠠ ᠦᠬᠡᠢ ᠲᠡᠭᠡᠭᠰᠢᠯᠡᠬᠦ ᠶᠢ ᠲᠠᠭᠠᠯᠲᠤᠨ᠂ ᠨᠠᠭᠤᠷ ᠲᠡᠯᠡᠷᠡᠵᠦ᠂ ᠠᠷᠠᠯ ᠲᠡᠭᠡᠷᠡᠬᠢ ᠰᠡᠷᠢᠬᠦᠴᠡᠬᠦ ᠲᠢᠩᠬᠢᠮ | ᠤᠰᠤᠨ ᠤ ᠲᠦᠪ ᠲᠤᠮᠲᠠ ᠨᠢ ︽ ᠪᠤᠴᠠᠨ ᠢᠷᠡᠭᠰᠡᠨ︾ ᠪᠠᠶᠢᠨᠠ᠃ ᠠᠷᠠᠯ ᠤᠨ ᠬᠤᠪᠢᠷᠠᠯᠲᠠ ᠨᠢ ᠬᠦᠯᠦᠨ ᠨᠠᠭᠤᠷ ᠤᠨ ᠠᠮᠢ | ᠠᠬᠤᠢ ᠤᠷᠴᠢᠨ ᠲᠤᠭᠤᠷᠢᠨ ᠤ ᠬᠤᠪᠢᠷᠠᠯᠲᠠ ᠶᠢ ᠬᠠᠷᠠᠭᠤᠯᠲᠠᠭ ᠬᠦᠯᠦᠨ ᠨᠠᠭᠤᠷ ᠪᠤᠯ ᠮᠠᠨ ᠤ ᠤᠯᠤᠰ ᠤᠨ ᠲᠦᠷᠪᠡᠲᠦᠭᠡᠷ ᠶᠡᠭᠡ ᠴᠡᠩᠭᠡᠭ | ᠤᠰᠤᠨ ᠤ ᠨᠠᠭᠤᠷ ᠮᠦᠷᠳᠡᠭᠡᠨ ᠤᠮᠠᠷᠠᠲᠦ ᠤᠷᠤᠨ ᠤ ᠬᠠᠮᠤᠭ ᠤᠨ ᠶᠡᠭᠡ ᠨᠠᠭᠤᠷ ᠪᠤᠯᠤᠨᠠ᠃ ︽ᠤᠰᠤᠨ ᠤ ᠬᠠᠲᠠᠭᠠᠯᠠᠬᠲᠠᠴᠠ ᠬᠦᠨᠲᠦ | ᠨᠤᠴᠢᠲᠠᠢ ᠪᠠᠭᠤᠷᠠᠵᠦ ᠪᠤᠢ᠂ ᠤᠤᠯ ᠤᠨ ᠬᠠᠮᠤᠭ ᠤᠨ ᠶᠡᠭᠡ ᠬᠠᠲᠠᠭᠠᠯᠠᠬᠲᠠᠴᠠ ᠶᠢᠨ ᠬᠡᠮᠵᠢᠶᠡ ᠠᠴᠠ ᠪᠠᠨ ᠬᠠᠭᠠᠰ ᠢᠶᠠᠷ ᠪᠠᠭᠤᠷᠠᠵᠦ᠂ | ᠬᠠᠮᠤᠭ ᠤᠨ ᠶᠡᠭᠡ ᠤᠰᠤᠨ ᠤ ᠬᠦᠨ ᠠᠴᠠ ᠪᠠᠨ 9 ᠮᠧᠲᠷ ᠠᠴᠠ 4 ᠮᠧᠲᠷ ᠲᠤᠭᠤᠭᠰᠢᠯᠠᠬᠰᠠᠨ ᠪᠠᠶᠢᠨᠠ᠃︾ ᠬᠦᠯᠦᠨ ᠨᠠᠭᠤᠷ ᠤᠨ | ᠤᠯᠤᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ ᠤ ᠬᠠᠮᠢᠶᠠᠷᠤᠯᠲᠠ ᠶᠢᠨ ᠲᠤᠪᠴᠢᠶᠠᠨ ᠤ ᠲᠤᠪᠴᠢᠶᠠᠨ ᠲᠠᠷᠤᠭᠠ ᠵᠢᠶᠠᠩ | ᡁᠢ ᠬᠦᠸᠧ ᠶᠢᠨ ᠲᠠᠨᠢᠯᠴᠠᠭᠤᠯᠬᠤ ᠪᠠᠷ᠂ 2002 ᠤᠨ ᠠᠴᠠ ᠰᠡᠬᠦᠯᠡᠷ᠂ ᠭᠠᠩ ᠬᠠᠭᠤᠷᠠᠢ ᠠᠭᠤᠷ ᠠᠮᠢᠰᠬᠤᠯ ᠤᠨ ᠨᠦᠯᠦᠬᠡᠯᠡᠯ ᠵᠡᠷᠭᠡ | ᠤᠯᠠᠨ ᠵᠦᠢᠯ ᠤᠨ ᠰᠢᠯᠲᠠᠭᠠᠨ ᠠᠴᠠ ᠪᠤᠯᠵᠦ᠂ ᠬᠦᠯᠦᠨ ᠨᠠᠭᠤᠷ ᠤᠨ ᠤᠰᠤᠨ ᠤ ᠲᠠᠯᠠᠪᠠᠢ ᠦᠷᠬᠦᠯᠵᠢᠯᠡᠨ ᠪᠠᠭᠠᠰᠤᠬᠰᠠᠨ ᠪᠠᠶᠢᠨᠠ᠃ | 2014 ᠤᠨ ᠤ 1 ᠰᠠᠷᠠ ᠳᠤ᠂ ᠬᠦᠯᠦᠨ ᠪᠤᠶᠢᠷ ᠬᠤᠲᠠ ︽ᠬᠦᠯᠦᠨ ᠨᠠᠭᠤᠷ ᠤᠨ ᠨᠠᠭᠤᠷ ᠭᠤᠤᠯ ᠢ ᠬᠤᠯᠪᠤᠯᠲᠤᠭᠤᠯᠵᠦ ᠬᠠᠶᠢᠯ ᠢ | ᠨᠡᠪᠳᠡᠷᠡᠬᠦᠯᠬᠦ ᠢᠨᠵᠧᠨᠧᠷᠢᠩ ᠢ ᠦᠷᠬᠦᠯᠵᠢᠯᠡᠨ ᠭᠡᠷᠡᠭᠵᠢᠬᠦᠯᠵᠦ᠂ ᠬᠦᠯᠦᠨ ᠨᠠᠭᠤᠷ ᠤᠨ ᠤᠢᠢᠷᠠ ᠬᠠᠪᠢ ᠶᠢᠨ ᠠᠮᠢ ᠠᠬᠤᠢ ᠶᠢ ᠬᠠᠮᠠᠭᠠᠯᠠᠬᠤ | ᠪᠠ ᠶᠡᠷᠦᠩᠭᠡᠶᠢᠯᠡᠨ ᠵᠠᠰᠠᠬᠤ ᠬᠦᠴᠦᠯᠡᠴᠡ ᠪᠠᠨ ᠤᠯᠠᠮ ᠨᠢᠬᠡ ᠠᠯᠬᠤᠮ ᠨᠡᠮᠡᠭᠳᠡᠬᠦᠯᠦᠨ᠂ 5 ᠵᠢᠯ ᠤᠨ ᠬᠤᠭᠤᠴᠠᠭᠠ ᠲᠠᠢ ᠪᠠᠷ ᠵᠢᠭᠠᠰᠦ | ᠠᠩᠨᠠᠬᠤ ᠶᠢ ᠵᠤᠬᠰᠤᠭᠠᠬᠤ ᠠᠷᠭᠠ ᠠᠪᠴᠠᠯ ᠢ ᠭᠡᠷᠡᠭᠯᠡᠵᠦ᠂ ︿ ᠬᠦᠯᠦᠨ ᠨᠠᠭᠤᠷ ᠤᠨ ᠪᠠᠶᠢᠭᠠᠯᠢ ᠶᠢᠨ ᠬᠠᠮᠭᠠᠯᠠᠯᠲᠠ ᠶᠢᠨ ᠤᠷᠤᠨ ᠤ | ᠬᠠᠮᠢᠶᠠᠷᠤᠯᠲᠠ ᠶᠢᠨ ᠲᠦᠷᠢᠮ﹀ ᠢ ᠲᠤᠭᠲᠠᠭᠠᠬᠤ ᠠᠵᠢᠯ ᠢᠶᠠᠨ ᠡᠬᠢᠯᠡᠬᠦᠯᠦᠨ᠂ ᠬᠦᠯᠦᠨ ᠨᠠᠭᠤᠷ ᠤᠨ ᠰᠠᠪᠠ ᠭᠠᠵᠠᠷ ᠤᠨ | ᠬᠠᠮᠢᠶᠠᠷᠤᠯᠲᠠ ᠶᠢᠨ ᠪᠠᠶᠢᠭᠤᠯᠤᠮᠵᠢ ᠶᠢ ᠪᠠᠶᠢᠭᠤᠯᠤᠨ᠂ ᠬᠦᠯᠦᠨ ᠨᠠᠭᠤᠷ ᠤᠨ ᠰᠠᠪᠠ ᠭᠠᠵᠠᠷ ᠤᠨ ᠠᠮᠢ ᠠᠬᠤᠢ ᠶᠢᠨ ᠬᠠᠮᠠᠭᠠᠯᠠᠯᠲᠠ ᠪᠠ | ᠪᠦᠲᠦᠭᠡᠨ ᠪᠠᠶᠢᠭᠤᠯᠤᠯᠲᠠ ᠶᠢᠨ ᠶᠡᠷᠦᠩᠭᠡᠢ ᠲᠦᠯᠦᠪᠵᠢᠬᠦᠯᠬᠡ ᠶᠢ ᠲᠤᠭᠲᠠᠭᠠᠬᠤ ︾ ᠵᠡᠷᠭᠡ 6 ᠲᠦᠷᠦᠯ ᠤᠨ ᠴᠢᠬᠤᠯᠠ ᠠᠵᠢᠯ ᠢ | ᠦᠷᠨᠢᠬᠦᠯᠵᠠᠢ᠃ 2015 ᠤᠨ ᠳᠤ᠂ ᠬᠦᠯᠦᠨ ᠨᠠᠭᠤᠷ ᠤᠨ ᠬᠠᠮᠠᠭᠠᠯᠠᠯᠲᠠ ᠶᠢ ᠪᠦᠬᠦ ᠬᠤᠲᠠ ᠶᠢᠨ ᠠᠵᠢᠯ ᠤᠨ ᠢᠶᠠᠨ ᠨᠢᠬᠡᠲᠦᠭᠡᠷ | ᠢᠨᠵᠧᠨᠧᠷᠢᠩ ᠪᠤᠯᠭᠠᠨ ᠠᠳᠬᠤᠬᠰᠠᠨ ᠪᠠᠶᠢᠨᠠ᠃ ᠬᠦᠯᠦᠨ ᠨᠠᠭᠤᠷ ᠤᠨ ᠤᠰᠤᠨ ᠤ ᠰᠢᠰᠲ᠋ᠧᠮ ᠤᠨ ᠰᠠᠶᠢᠨ ᠡᠷᠬᠢᠯᠳᠡ ᠶᠢ | ᠠᠬᠢᠭᠤᠯᠬᠤ ᠶᠢᠨ ᠲᠦᠯᠦᠬᠡ᠂ ᠬᠦᠯᠦᠨ ᠪᠤᠶᠢᠷ ᠬᠤᠲᠠ 1.53 ᠳ᠋ᠦᠡᠭᠰᠢᠭᠤᠷ ᠲᠦᠬᠦᠷᠢᠭ ᠪᠡᠯᠡ ᠤᠷᠤᠭᠤᠯᠵᠦ᠂ ︽ᠭᠤᠤᠯ ᠢ | ᠨᠠᠭᠤᠷ ᠲᠤ ᠲᠠᠲᠠᠬᠤ︾ ︽ᠭᠤᠤᠯ ᠪᠠ ᠨᠠᠭᠤᠷ ᠢ ᠬᠤᠯᠪᠤᠬᠤ︾ ᠢᠨᠵᠧᠨᠧᠷᠢᠩ ᠢ ᠭᠡᠷᠡᠭᠵᠢᠬᠦᠯᠦᠭᠰᠡᠨ ᠪᠠᠶᠢᠨᠠ᠃ ︽ᠡᠨᠡ | ᠬᠤᠶᠠᠷ ᠢᠨᠵᠧᠨᠧᠷᠢᠩ ᠨᠢ ᠤᠰᠤ ᠨᠦᠬᠦᠪᠦᠷᠢᠯᠡᠬᠦ ᠪᠠ ᠤᠰᠤ ᠰᠤᠯᠢᠬᠤ ᠬᠦᠴᠦᠯᠡᠴᠡ ᠶᠢ ᠨᠡᠮᠡᠭᠳᠡᠬᠦᠯᠦᠨ᠂ ᠬᠦᠯᠦᠨ ᠨᠠᠭᠤᠷ ᠤᠨ | ᠤᠰᠤᠨ ᠤ ᠴᠢᠨᠠᠷ ᠪᠠ ᠠᠮᠢ ᠠᠬᠤᠢ ᠶᠢᠨ ᠤᠷᠴᠢᠨ ᠲᠤᠭᠤᠷᠢᠨ ᠢ ᠰᠠᠶᠢᠵᠢᠷᠠᠭᠤᠯᠵᠠᠢ︾ ᠭᠡᠵᠦ ᠵᠢᠶᠠᠩ ᡁᠢ ᠬᠦᠸᠧ ᠲᠠᠨᠢᠯᠴᠠᠭᠤᠯᠪᠠ᠂ | ᠬᠤᠶᠠᠷ ᠢᠨᠵᠧᠨᠧᠷᠢᠩ ᠢ ᠭᠡᠷᠡᠭᠵᠢᠬᠦᠯᠦᠭᠰᠡᠨ ᠠᠴᠠ ᠨᠠᠰᠢ᠂ ᠬᠦᠯᠦᠨ ᠨᠠᠭᠤᠷ ᠤᠨ ᠤᠰᠤ ᠲᠠᠲᠠᠬᠤ ᠶᠢ ᠪᠠᠲᠤᠯᠠᠬᠰᠠᠨ ᠨᠤᠷᠮᠠ ᠨᠢ | 50% ᠠᠴᠠ 70% ᠪᠤᠯᠵᠦ ᠲᠡᠭᠡᠭᠰᠢᠯᠡᠭᠰᠡᠨ ᠪᠠᠶᠢᠨᠠ᠃ ᠤᠲᠤᠬᠠᠨ ᠳᠤ᠂ ᠬᠦᠯᠦᠨ ᠨᠠᠭᠤᠷ ᠤᠨ ᠤᠰᠤ ᠨᠢᠬᠡᠨᠳᠡ ᠪᠦᠲᠦᠮᠵᠢᠳᠡᠢ | ᠡᠷᠬᠢᠯᠲᠦᠨ ᠰᠤᠯᠢᠬᠲᠠᠵᠦ᠂ ᠤᠰᠤᠨ ᠤ ᠴᠢᠨᠠᠷ ᠨᠢ ᠰᠠᠶᠢᠵᠢᠷᠠᠬᠰᠠᠨ ᠤ ᠤᠯᠠᠮ ᠢᠶᠠᠷ ᠰᠢᠪᠠᠭᠤᠨ ᠤ ᠲᠦᠷᠦᠯ᠂ ᠵᠢᠭᠠᠰᠦᠨ ᠤ ᠲᠦᠷᠦᠯ ᠤᠨ | ᠲᠦᠷᠦᠯ ᠵᠦᠢᠯ ᠪᠠ ᠲᠤᠭᠠ ᠬᠡᠮᠵᠢᠶᠡ ᠨᠢ ᠢᠯᠡᠳᠳᠡ ᠨᠡᠮᠡᠭᠳᠡᠵᠦ᠂ ᠤᠷᠤᠰᠢᠨ ᠠᠮᠢᠲᠤᠷᠠᠵᠦ ᠦᠷᠡᠵᠢᠨ ᠲᠦᠯᠵᠢᠬᠦ ᠭᠠᠵᠠᠷ ᠨᠢ ᠤᠯᠠᠮ | ᠨᠢᠬᠡ ᠠᠯᠬᠤᠮ ᠰᠡᠷᠬᠦᠨ ᠰᠠᠶᠢᠵᠢᠷᠠᠵᠦ ᠪᠤᠢ᠃ | ᠬᠦᠯᠦᠨ ᠨᠠᠭᠤᠷ ᠤᠨ ᠤᠲᠠᠭᠠᠨ ᠵᠢᠯ ᠤᠨ ᠲᠤᠷᠰᠢᠬᠢ ᠶᠡᠷᠦᠩᠭᠡᠶᠢᠯᠡᠨ ᠵᠠᠰᠠᠬᠰᠠᠨ ᠦᠷᠡ ᠪᠦᠲᠦᠮᠵᠢ ᠨᠢ ᠢᠯᠡᠳᠳᠡ ᠪᠤᠯᠤᠬᠰᠠᠨ | ᠪᠠᠶᠢᠨᠠ᠃ 2013 ᠤᠨ ᠠᠴᠠ ᠨᠠᠰᠢ᠂ ᠬᠦᠯᠦᠨ ᠨᠠᠭᠤᠷ ᠤᠨ ᠤᠰᠤᠨ ᠤ ᠲᠦᠪᠰᠢᠨ ᠨᠢ ᠨᠡᠶᠢᠳᠡ 3.18 ᠮᠧᠲᠷ ᠲᠡᠭᠡᠭᠰᠢᠯᠡᠵᠦ᠂ | ᠤᠰᠤᠨ ᠤ ᠲᠠᠯᠠᠪᠠᠢ ᠨᠢ 2053 ᠲᠡᠭᠰᠢ ᠲᠦᠷᠪᠡᠯᠵᠢᠨ ᠺᠢᠯᠤᠮᠧᠲᠷ ᠪᠤᠯᠵᠦ᠂ ᠤᠰᠤᠨ ᠤ ᠬᠠᠲᠠᠭᠠᠯᠠᠬᠲᠠᠴᠠ ᠶᠢᠨ ᠬᠡᠮᠵᠢᠶᠡ ᠨᠢ 103. | 9 ᠳ᠋ᠦᠩᠰᠢᠭᠤᠷ ᠺᠦᠪ ᠮᠧᠲᠷ ᠲᠤᠯᠵᠦ᠂ ᠬᠤᠯᠤᠰᠤ ᠵᠡᠬᠡᠰᠦ ᠲᠠᠢ ᠨᠤᠭᠤ ᠭᠠᠵᠠᠷ ᠤᠨ ᠲᠠᠯᠠᠪᠠᠢ ᠨᠢ 300 ᠲᠡᠭᠰᠢ ᠲᠦᠷᠪᠡᠯᠵᠢᠨ | ᠺᠢᠯᠤᠮᠧᠲᠷ ᠰᠡᠷᠬᠦᠭᠰᠡᠨ ᠪᠠᠶᠢᠨᠠ᠃ ᠭᠠᠵᠠᠷ ᠤᠷᠤᠨ ᠠᠯᠤᠰᠯᠠᠵᠦ ᠰᠠᠯᠠᠭᠠ ᠮᠦᠴᠢᠷ ᠠᠯᠤᠰᠯᠠᠨ ᠬᠠᠦᠯᠢ ᠭᠡᠷᠡᠭᠵᠢᠬᠦᠯᠵᠦ᠂ ᠤᠰᠤᠨ ᠤ | ᠠᠮᠢᠲᠦ ᠪᠤᠲᠠᠰ ᠢ ᠬᠠᠮᠠᠭᠠᠯᠠᠵᠠᠢ ᠡᠨᠡ ᠬᠡᠲᠦᠨ ᠡᠲᠦᠷ᠂ ᠶᠡᠷᠦᠩᠭᠡᠶᠢᠯᠡᠨ ᠬᠠᠦᠯᠢ ᠭᠡᠷᠡᠭᠵᠢᠬᠦᠯᠬᠦ ᠲᠤᠪᠴᠢᠶᠠᠨ ᠤ ᠠᠵᠢᠯᠲᠠᠨ ᠴᠢᠶᠠᠨ ᠺᠠᠢ | ᠵᠢᠶᠦ᠋ᠨ ᠶᠠᠭ ᠨᠢᠬᠡᠨ ᠲᠤᠭᠲᠠᠮᠠᠯ ᠵᠢᠬᠦᠷᠲᠦ ᠬᠦᠮᠦᠨ ᠦᠯᠦ ᠠᠴᠢᠶᠠᠯᠠᠬᠰᠠᠨ ᠨᠢᠰᠭᠡᠯ ᠢ ᠲᠤᠷᠰᠢᠨ ᠦᠵᠡᠵᠦ ᠪᠠᠶᠢᠯᠠ᠂ ︽ᠡᠨᠡᠬᠦ | ᠮᠠᠰᠢᠨ ᠢ ᠠᠵᠢᠯᠯᠠᠭᠤᠯᠤᠬᠰᠠᠨ ᠠᠴᠠ ᠤᠤᠯ ᠳᠠᠭᠠᠨ ᠬᠠᠮᠠᠭᠠᠯᠠᠵᠦ ᠬᠠᠮᠢᠶᠠᠷᠬᠤ ᠳᠤ ᠬᠦᠴᠢᠷᠲᠠᠢ ᠪᠠᠶᠢᠬᠰᠠᠨ ᠭᠠᠵᠠᠷ ᠤᠷᠤᠨ ᠢ ᠪᠦᠷ | ᠰᠠᠶᠢᠬᠠᠨ ᠪᠠᠶᠢᠴᠠᠭᠠᠵᠦ ᠲᠡᠶᠢᠯᠬᠦ ᠪᠤᠯᠤᠬᠰᠠᠨ ᠠᠴᠠ ᠴᠠᠬᠲᠠᠨ ᠬᠠᠮᠠᠭᠠᠯᠠᠬᠤ ᠦᠷᠡ ᠪᠦᠲᠦᠮᠵᠢ ᠶᠡᠬᠡᠪᠡᠷ ᠲᠡᠭᠡᠭᠰᠢᠯᠡᠵᠡᠢ︾ ᠭᠡᠵᠦ ᠲᠡᠷᠡ | ᠬᠡᠯᠡᠨᠡ᠃ ︽ᠬᠦᠯᠦᠨ ᠨᠠᠭᠤᠷ ᠤᠨ ᠤᠰᠤᠨ ᠤ ᠲᠠᠯᠠᠪᠠᠢ 2000 ᠭᠠᠷᠤᠢ ᠲᠡᠭᠰᠢ ᠲᠦᠷᠪᠡᠯᠵᠢᠨ ᠺᠢᠯᠤᠮᠧᠳ᠋ᠷ ᠤᠴᠢᠷ ᠠᠴᠠ ᠤᠯᠠᠨ | ᠵᠦᠢᠯ ᠤᠨ ᠬᠠᠦᠯᠢ ᠴᠠᠭᠠᠵᠠ ᠲᠠᠢ ᠬᠤᠯᠪᠤᠭᠲᠠᠵᠦ᠂ ᠡᠷᠭᠡᠪᠰᠢ ᠭᠠᠵᠠᠷ ᠤᠷᠤᠨ ᠠᠯᠤᠰᠯᠠᠵᠦ ᠰᠠᠯᠠᠭᠠ ᠮᠦᠴᠢᠷ ᠠᠯᠤᠰᠯᠠᠨ ᠬᠠᠦᠯᠢ | ᠭᠡᠷᠡᠭᠵᠢᠬᠦᠯᠬᠦ ᠭᠡᠷᠡᠭᠳᠡᠢ ᠪᠠᠶᠢᠲᠠᠭ᠂ ᠬᠡᠪᠡᠴᠦ ᠢᠡᠭᠬᠢᠵᠦ ᠬᠢᠬᠦ ᠨᠢ ᠦᠪᠡᠷ ᠤᠨ ᠦᠷᠳᠡᠭ ᠢᠶᠠᠷ ᠦᠨᠲᠦᠷ ᠮᠦᠷᠳᠡᠭᠡᠨ ᠬᠦᠴᠢᠷᠳᠡᠯ ᠢᠶᠠᠷ | ᠶᠡᠭᠡ ᠪᠠᠶᠢᠲᠠᠭ︾ ᠭᠡᠵᠦ ᠬᠠᠮᠠᠭᠠᠯᠠᠯᠲᠠ ᠶᠢᠨ ᠤᠷᠤᠨ ᠤ ᠶᠡᠷᠦᠩᠭᠡᠶᠢᠯᠡᠨ ᠬᠠᠦᠯᠢ ᠭᠡᠷᠡᠭᠵᠢᠬᠦᠯᠬᠦ ᠲᠤᠪᠴᠢᠶᠠᠨ ᠤ ᠲᠤᠪᠴᠢᠶᠠᠨ ᠲᠠᠷᠤᠭᠠ | ᠬᠤᠷᠴᠠ ᠶᠠᠷᠢᠨᠠ᠃ 2014 ᠤᠨ ᠤ 4 ᠰᠠᠷᠠ ᠠᠴᠠ ᠡᠭᠢᠯᠡᠨ᠂ ᠬᠠᠮᠠᠭᠠᠯᠠᠯᠲᠠ ᠶᠢᠨ ᠤᠷᠤᠨ ᠤ ᠬᠠᠮᠢᠶᠠᠷᠤᠯᠲᠠ ᠶᠢᠨ | ᠲᠤᠪᠴᠢᠶᠠᠨ ᠠᠴᠠ ᠬᠠᠦᠯᠢ ᠭᠡᠷᠡᠭᠵᠢᠬᠦᠯᠬᠦ ᠲᠤᠰᠬᠠᠢ ᠠᠵᠢᠯᠯᠠᠭᠠ ᠶᠢ ᠤᠯᠠᠨ ᠤᠲᠠᠭᠠ ᠦᠷᠨᠢᠬᠦᠯᠵᠦ᠂ ᠡᠲᠦᠷ ᠲᠤᠲᠤᠮ ᠤᠨ | ᠬᠠᠮᠢᠶᠠᠷᠤᠯᠲᠠ ᠪᠠ ᠲᠦᠪᠯᠡᠷᠡᠬᠦᠯᠦᠨ ᠵᠠᠰᠠᠬᠤ ᠶᠢ ᠬᠠᠷᠢᠯᠴᠠᠨ ᠤᠶᠠᠯᠲᠤᠭᠤᠯᠵᠦ᠂ ᠡᠲᠦᠷ ᠲᠤᠲᠤᠮ ᠤᠨ ᠬᠠᠮᠢᠶᠠᠷᠤᠯᠲᠠ ᠬᠠᠮᠠᠭᠠᠯᠠᠯᠲᠠ ᠶᠢᠨ | ᠴᠢᠬ᠂ ᠲᠦᠷ ᠴᠠᠭ ᠤᠨ ᠬᠠᠮᠢᠶᠠᠷᠤᠯᠲᠠ ᠬᠠᠮᠠᠭᠠᠯᠠᠯᠲᠠ ᠶᠢᠨ ᠴᠢᠬ ᠢ ᠲᠤᠭᠲᠠᠭᠠᠨ᠂ ᠤᠰᠤ ᠬᠠᠭᠤᠷᠠᠢ ᠶᠢᠨ ᠴᠠᠬᠲᠠᠨ ᠬᠠᠮᠠᠭᠠᠯᠠᠬᠤ | ᠠᠩᠬᠢ ᠶᠢ ᠪᠠᠶᠢᠭᠤᠯᠵᠦ᠂ ᠬᠠᠦᠯᠢ ᠪᠤᠰᠤ ᠪᠠᠷ ᠵᠢᠭᠠᠰᠦ ᠠᠩᠨᠠᠬᠤ ᠠᠵᠢᠯᠯᠠᠭᠠ ᠶᠢ ᠪᠦᠲᠦᠮᠵᠢᠳᠡᠢ ᠬᠤᠷᠢᠬᠯᠠᠬᠰᠠᠨ ᠪᠠᠶᠢᠨᠠ᠃ 7 | ᠰᠠᠷᠠ ᠶᠢᠨ 29 ᠤ ᠡᠲᠦᠷ᠂ ᠬᠦᠯᠦᠨ ᠪᠤᠶᠢᠷ ᠬᠤᠲᠠ ᠶᠢᠨ ᠨᠠᠮ ᠤᠨ ᠬᠤᠷᠢᠶᠠ ᠵᠠᠰᠠᠬ ᠤᠨ ᠤᠷᠲᠤᠨ ᠤ ᠬᠦᠴᠦᠲᠡᠢ ᠠᠬᠢᠭᠤᠯᠭᠠ | ᠲᠤᠤᠷᠠ᠂ ᠬᠡᠲᠦ᠋ᠢᠨ ᠠᠴᠠ ᠪᠡᠯᠡᠳᠭᠡᠵᠦ ᠪᠠᠶᠢᠬᠰᠠᠨ ︽ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠬᠦᠯᠦᠨ ᠨᠠᠭᠤᠷ ᠤᠨ | ᠤᠯᠤᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ ᠤ ᠲᠦᠷᠢᠮ︾ ᠢ ᠲᠤᠭᠲᠠᠭᠠᠵᠦ᠂ ᠬᠦᠯᠦᠨ ᠨᠠᠭᠤᠷ ᠢ | ᠬᠠᠮᠠᠭᠠᠯᠠᠬᠤ ᠳᠤ ᠬᠠᠦᠯᠢ ᠴᠠᠭᠠᠵᠠ ᠶᠢᠨ ᠲᠠᠯᠠ ᠪᠠᠷ ᠬᠦᠴᠦᠲᠡᠢ ᠪᠠᠲᠤᠯᠠᠭᠠ ᠤᠯᠭᠤᠭᠰᠠᠨ ᠪᠠᠶᠢᠨᠠ᠃ ᠴᠢᠬᠤᠯᠠ ᠬᠡᠰᠡᠭ ᠳᠠᠬᠢ | ᠬᠠᠮᠢᠶᠠᠷᠤᠯᠲᠠ ᠬᠠᠮᠠᠭᠠᠯᠠᠯᠲᠠ ᠦᠨᠲᠦᠰᠦᠨ ᠳᠡᠭᠡᠨ ᠪᠦᠬᠦᠨ ᠢ ᠪᠦᠷᠬᠦᠬᠦ ᠮᠠᠶᠢᠭ ᠤᠨ ᠬᠢᠨᠠᠨ ᠬᠠᠮᠢᠶᠠᠷᠤᠯᠲᠠ ᠶᠢᠨ ᠪᠠᠷᠢᠮᠵᠢᠶᠠᠨ ᠳᠤ | ᠬᠦᠷᠴᠡᠢ ᠬᠦᠯᠦᠨ ᠨᠠᠭᠤᠷ ᠤᠨ ᠪᠠᠶᠢᠭᠠᠯᠢ ᠶᠢᠨ ᠬᠠᠮᠭᠠᠯᠠᠯᠲᠠ ᠶᠢᠨ ᠤᠷᠤᠨ ᠨᠢ ᠵᠡᠬᠦᠨ ᠬᠤᠶᠢᠲᠦ ᠠᠽᠢᠶᠡ ᠶᠢᠨ ᠰᠢᠪᠠᠭᠤᠨ ᠤ | ᠲᠦᠷᠦᠯ ᠤᠨ ᠨᠡᠬᠦᠳᠡᠯᠯᠡᠬᠦ ᠴᠢᠬᠤᠯᠠ ᠵᠠᠮ ᠮᠦᠷᠳᠡᠭᠡᠨ ᠦᠨᠳᠡᠭᠡᠯᠡᠨ ᠦᠷᠡᠵᠢᠬᠦ ᠭᠤᠤᠯ ᠪᠤᠯᠬᠤ ᠭᠠᠵᠠᠷ ᠪᠤᠯᠬᠤ ᠶᠤᠮ᠃ ᠤᠢᠢᠷᠠ ᠳᠤ᠂ | ᠰᠤᠷᠪᠤᠯᠵᠢᠯᠠᠬᠴᠢ ᠤᠯᠠᠭᠠᠨᠨᠠᠭᠤᠷ ᠤᠨ ᠬᠠᠮᠠᠭᠠᠯᠠᠯᠲᠠ ᠬᠠᠮᠢᠶᠠᠷᠤᠯᠲᠠ ᠶᠢᠨ ᠦᠷᠳᠡᠭᠡᠨ ᠤ ᠲᠠᠷᠤᠭᠠ ᠵᠠᠩ ᠶᠢᠦ ᠶᠢ ᠲᠠᠭᠠᠵᠦ | ᠬᠠᠮᠭᠠᠯᠠᠯᠲᠠ ᠶᠢᠨ ᠤᠷᠤᠨ ᠤ ᠴᠢᠬᠤᠯᠠ ᠭᠠᠵᠠᠷ ᠬᠦᠷᠴᠦ᠂ ᠲᠤᠷᠠᠨ ᠢᠶᠠᠷ ᠲᠡᠷᠳᠡᠭᠡ ᠡᠷᠬᠢ ᠶᠢ ᠪᠠᠷᠠᠯᠠᠪᠠᠯ᠂ ᠰᠦᠷᠦᠭ ᠰᠦᠷᠦᠭ ᠬᠤᠨ | ᠭᠠᠯᠠᠭᠤ᠂ ᠠᠯᠲᠠᠨ ᠲᠤᠩᠭᠠᠷ᠂ ᠤᠯᠠᠭᠠᠨ ᠬᠤᠨᠭ᠍ᠰᠢᠶᠠᠷᠲᠦ ᠴᠠᠬᠤᠯᠠᠢ ᠤᠰᠤᠨ ᠤ ᠲᠤᠮᠲᠠ ᠲᠠᠪᠠ ᠪᠠᠷ ᠢᠶᠠᠨ ᠲᠤᠭᠯᠠᠨ ᠢᠳᠡᠰᠢ ᠡᠷᠢᠵᠦ | ᠪᠠᠶᠢᠯᠠ᠃ ︽ᠠᠳᠡ ᠪᠤᠯ ᠬᠠᠮᠠᠭᠠᠯᠠᠯᠲᠠ ᠶᠢᠨ ᠤᠷᠤᠨ ᠤ ᠰᠢᠪᠠᠭᠤᠨ ᠤ ᠲᠦᠷᠦᠯ ᠤᠨ ᠲᠦᠪᠯᠡᠷᠡᠵᠦ ᠲᠠᠷᠬᠠᠬᠤ ᠭᠡᠮᠵᠢᠶᠡ ᠪᠠᠷ | ᠬᠠᠮᠤᠭ ᠤᠨ ᠶᠡᠭᠡ᠂ ᠠᠮᠢᠲᠤ ᠪᠤᠲᠠᠰ ᠤᠨ ᠤᠯᠠᠨ ᠶᠠᠩᠵᠦᠲᠦ ᠴᠢᠨᠠᠷ ᠢᠶᠠᠷ ᠬᠠᠮᠤᠭ ᠤᠨ ᠡᠯᠪᠡᠭ ᠭᠠᠵᠠᠷ ᠤᠷᠤᠨ ᠪᠤᠯᠬᠤ ᠶᠤᠮ᠂ ᠵᠢᠯ | ᠪᠦᠷᠢ ᠶᠡᠭᠡ ᠬᠡᠮᠵᠢᠶᠡᠨ ᠤ ᠨᠡᠬᠦᠳᠡᠯ ᠤᠨ ᠰᠢᠪᠠᠭᠤᠳ ᠠᠳᠡ ᠤᠷᠤᠰᠢᠨ ᠠᠮᠢᠲᠤᠷᠠᠵᠦ ᠦᠷᠡᠵᠢᠳᠡᠭ᠂ ᠡᠬᠦᠨ ᠳᠤ ᠬᠤᠪᠤᠷ ᠴᠤᠬᠠᠭ | ᠰᠢᠪᠠᠭᠤᠨ ᠤ ᠲᠦᠷᠦᠯ ᠵᠦᠢᠯ ᠪᠠᠰᠠ ᠮᠠᠰᠢ ᠤᠯᠠᠨ ᠪᠠᠶᠢᠲᠠᠭ︾ ᠭᠡᠵᠦ ᠵᠠᠩ ᠶᠢᠦ ᠶᠠᠷᠢᠨᠠ᠃ ᠠᠩᠬᠠ ᠡᠬᠢᠯᠡᠬᠦ ᠳᠡᠭᠡᠨ ᠭᠠᠭᠴᠠᠬᠠᠨ | ᠬᠠᠮᠢᠶᠠᠷᠤᠯᠲᠠ ᠶᠢᠨ ᠦᠷᠳᠡᠭᠡ ᠪᠠᠶᠢᠬᠰᠠᠨ ᠠᠴᠠ ᠪᠠᠨ ᠤᠲᠤ ᠨᠢᠬᠡᠨᠳᠡ 3 ᠬᠠᠮᠠᠭᠠᠯᠠᠵᠦ ᠬᠠᠮᠢᠶᠠᠷᠬᠤ ᠨᠡᠬᠦᠳᠡᠯ ᠴᠢᠬ᠂ 8 | ᠲᠤᠷᠠᠨᠲᠠᠭᠤᠷᠲᠦ ᠠᠯᠤᠰ ᠡᠵᠡᠮᠳᠡᠯ ᠲᠠᠢ ᠪᠤᠯᠤᠬᠰᠠᠨ ᠨᠢ ᠠᠳᠡᠬᠢ ᠬᠠᠮᠠᠭᠠᠯᠠᠯᠲᠠ ᠬᠠᠮᠢᠶᠠᠷᠤᠯᠲᠠ ᠦᠨᠲᠦᠰᠦᠨ ᠳᠡᠭᠡᠨ ᠪᠦᠬᠦᠨ ᠢ | ᠪᠦᠷᠬᠦᠭᠰᠡᠨ ᠮᠠᠶᠢᠬ ᠤᠨ ᠬᠢᠨᠠᠨ ᠬᠠᠮᠢᠶᠠᠷᠤᠯᠲᠠ ᠳᠤ ᠬᠦᠷᠦᠭᠰᠡᠨ ᠭᠡᠳᠡᠭ ᠢ ᠬᠠᠷᠠᠭᠤᠯᠵᠦ ᠪᠠᠶᠢᠭᠠ ᠶᠤᠮ᠃ 2013 ᠤᠨ ᠳᠤ᠂ | ᠬᠠᠮᠠᠭᠠᠯᠠᠯᠲᠠ ᠶᠢᠨ ᠤᠷᠤᠨ ᠳᠤ ᠠᠩᠬᠠᠲᠤᠭᠠᠷ ᠤᠲᠠᠭᠠ ᠤᠯᠤᠰ ᠤᠨ ᠨᠢᠬᠡᠲᠦᠭᠡᠷ ᠲᠡᠰ ᠤᠨ ᠬᠠᠮᠠᠭᠠᠯᠠᠯᠲᠠ ᠶᠢᠨ ᠠᠮᠢᠲᠠᠨ ᠪᠤᠯᠬᠤ ᠴᠠᠭᠠᠨ | ᠦᠷᠪᠢᠯᠢ ᠶᠢ ᠤᠯᠵᠦ ᠮᠡᠳᠡᠵᠡᠢ᠃ 2015 ᠤᠨ ᠳᠤ᠂ ᠤᠷᠲᠤ ᠰᠡᠬᠦᠯᠲᠦ ᠴᠠᠬᠤᠯᠠᠢ ᠪᠠ ᠮᠠᠯᠵᠢᠨ ᠬᠠᠷᠭᠤᠨᠠ ᠶᠢ ᠪᠠᠰᠠ ᠠᠩᠬᠠᠲᠤᠭᠠᠷ | ᠤᠲᠠᠭᠠ ᠤᠯᠵᠦ ᠮᠡᠳᠡᠭᠰᠡᠨ ᠪᠠᠶᠢᠨᠠ᠂ ᠮᠠᠯᠵᠢᠨ ᠬᠠᠷᠭᠤᠨᠠ ᠨᠢ ᠪᠠᠰᠠ ᠤᠯᠠᠭᠠᠨᠨᠠᠭᠤᠷ ᠤᠨ ᠤᠰᠤᠨ ᠤ ᠲᠦᠪ ᠳᠤ ᠦᠷᠡᠵᠢᠨ | ᠲᠦᠯᠵᠢᠭᠰᠡᠨ ᠪᠠᠶᠢᠨᠠ᠃ ︽ᠡᠨᠡ ᠨᠢ ᠪᠢᠳᠡᠨ ᠤ ᠬᠠᠮᠭᠠᠯᠠᠯᠲᠠ ᠪᠤᠲᠠᠲᠠᠢ ᠦᠷᠡ ᠪᠦᠲᠦᠮᠵᠢ ᠤᠯᠤᠬᠰᠠᠨ ᠭᠡᠳᠡᠭ ᠢ ᠬᠠᠷᠠᠭᠤᠯᠵᠦ | ᠪᠠᠶᠢᠨᠠ︾ ᠭᠡᠵᠦ ᠬᠦᠯᠦᠨ ᠪᠤᠶᠢᠷ ᠬᠤᠲᠠ ᠶᠢᠨ ᠨᠠᠮ ᠤᠨ ᠬᠤᠷᠢᠶᠠᠨ ᠤ ᠱᠦᠵᠢ ᠯᠢ ᠱᠢ ᠷᠦᠩ ᠶᠠᠷᠢᠨᠠ᠃ ︽ᠬᠦᠯᠦᠨ ᠨᠠᠭᠤᠷ ᠪᠤᠯ | ᠬᠦᠯᠦᠨ ᠪᠤᠶᠢᠷ ᠤᠨ ᠠᠮᠢ ᠠᠬᠤᠢ ᠶᠢᠨ ᠰᠢᠰᠲ᠋ᠧᠮ ᠤᠨ ᠴᠢᠬᠤᠯᠠ ᠪᠦᠷᠢᠯᠲᠦᠬᠦᠨ ᠬᠡᠰᠡᠭ ᠪᠤᠯᠬᠤ ᠶᠤᠮ᠂ ᠪᠢᠳᠡ ᠡᠷᠭᠡᠪᠰᠢ ᠤᠢ ᠰᠢᠭᠤᠢ᠂ | ᠲᠠᠯᠠ ᠨᠤᠲᠤᠭ᠂ ᠤᠰᠤᠨ ᠤ ᠡᠬᠢ ᠪᠠᠶᠠᠯᠢᠬ᠂ ᠠᠮᠢ ᠠᠬᠤᠢ ᠶᠢᠨ ᠦᠵᠡᠮᠵᠢ᠂ ᠰᠢᠨᠡ ᠶᠢ ᠪᠠᠶᠢᠭᠤᠯᠵᠦ ᠬᠠᠭᠤᠴᠢᠨ ᠢ ᠨᠤᠷᠠᠭᠠᠬᠤ ᠵᠡᠷᠭᠡ | ᠲᠠᠪᠤᠨ ᠵᠤᠷᠪᠤᠰ ᠢ ᠪᠠᠷᠢᠮᠲᠠᠯᠠᠵᠦ᠂ ᠬᠦᠭᠵᠢᠯᠳᠡ ᠪᠠ ᠬᠠᠮᠠᠭᠠᠯᠠᠯᠲᠠ ᠶᠢᠨ ᠬᠠᠷᠢᠴᠠᠭᠠ ᠪᠠᠨ ᠵᠦᠪ ᠢᠶᠠᠷ ᠰᠢᠢᠳᠪᠦᠷᠢᠯᠡᠵᠦ᠂ ᠬᠤᠶᠢᠴᠢ | ᠦᠶᠡ ᠳᠡᠭᠡᠨ ᠬᠦᠬᠡ ᠲᠡᠭᠷᠢ᠂ ᠨᠤᠭᠤᠭᠠᠨ ᠲᠠᠯᠠ᠂ ᠲᠤᠩᠭᠠᠯᠠᠭ ᠤᠰᠤ ᠲᠠᠢ ᠦᠵᠡᠰᠬᠦᠯᠡᠩᠲᠦ ᠭᠤᠶᠤ ᠭᠡᠷ ᠤᠷᠤᠨ ᠢᠶᠠᠨ ᠦᠪᠯᠡᠵᠦ | ᠦᠯᠡᠳᠡᠭᠡᠪᠡᠯ ᠵᠤᠬᠢᠨᠠ︾ ᠭᠡᠵᠦ ᠲᠡᠷᠡ ᠶᠠᠷᠢᠨᠠ᠃ | | |