ᠰᠢᠨᠬᠤᠸᠠ ᠨᠸᠲ ᠬᠦᠬᠡᠬᠤᠲᠠ ᠶᠢᠨ 5 ᠰᠠᠷᠠ ᠶᠢᠨ 17 ᠡᠲᠦᠷ ᠤᠨ ᠴᠠᠬᠢᠯᠭᠠᠨ ᠮᠡᠳᠡᠭᠡ | (ᠬ·ᠦᠵᠡᠰᠭᠦᠯᠡᠩ) ᠬᠠᠪᠤᠷ ᠡᠴᠡ ᠨᠠᠭᠠᠰᠢ᠂ ᠦᠪᠦᠷ ᠮᠠᠯᠵᠢᠬᠤ ᠤᠷᠤᠨ ᠤ ᠤᠯᠠᠩᠬᠢ ᠭᠠᠵᠠᠷ ᠶᠢᠡᠷ ᠪᠤᠷᠤᠭᠠᠨ ᠬᠤᠷᠠ | ᠴᠦᠬᠡᠨ᠂ ᠲᠤᠮᠲᠠ ᠪᠠᠷᠠᠭᠤᠨ ᠤᠷᠤᠨ ᠤ ᠬᠦᠷᠦᠰᠦᠨ ᠤ ᠠᠨᠠᠢ ᠡᠴᠡ ᠠᠳᠠᠯᠢ ᠪᠤᠰᠤ ᠬᠡᠮᠵᠢᠶᠠ ᠪᠡᠷ ᠭᠠᠨᠭᠳᠠᠪᠠ᠃ ᠡᠭᠦᠨ ᠡᠴᠡ | ᠪᠤᠯᠵᠤ ᠪᠦᠬᠦ ᠤᠷᠤᠨ ᠤ ᠮᠠᠯᠵᠢᠬᠤ ᠤᠷᠤᠨ ᠤ ᠡᠪᠡᠰᠦᠨ ᠤ ᠤᠷᠭᠤᠯᠲᠠ ᠠᠨᠠᠢ᠂10 ᠰᠠᠨᠲ᠋ᠢᠮᠸᠲ᠋ᠷ ᠴᠤ ᠬᠦᠷᠬᠦ ᠦᠭᠡᠢ ᠪᠠᠶᠢᠨᠠ᠃ ᠴᠠᠭ | ᠠᠭᠤᠷ ᠤᠨ ᠰᠠᠯᠠᠭᠠ ᠮᠦᠴᠢᠷ ᠤᠨ ᠤᠷᠢᠳᠴᠢᠯᠠᠨ ᠲᠤᠭᠠᠴᠠᠭᠠᠯᠠᠭᠰᠠᠨ ᠶᠢᠡᠷ᠂ ᠢᠷᠡᠬᠦ ᠭᠤᠷᠪᠠᠨ ᠬᠤᠨᠤᠭ ᠪᠦᠬᠦ ᠤᠷᠤᠨ ᠤ ᠤᠯᠠᠩᠬᠢ | ᠭᠠᠵᠠᠷ ᠶᠢᠡᠷ ᠪᠤᠷᠤᠭᠠᠨ ᠬᠤᠷᠠ ᠴᠥᠭᠡᠨ ᠥᠨᠳᠥᠷ ᠬᠠᠯᠠᠭᠤᠨ ᠦᠷᠬᠦᠯᠵᠢᠯᠡᠬᠦ ᠠᠭᠤᠷ ᠠᠮᠢᠰᠬᠤᠯ ᠢᠯᠡᠷᠡᠬᠦ ᠲᠤᠯᠡ ᠡᠪᠡᠰᠦᠨ ᠤ | ᠤᠷᠭᠤᠯᠲᠠ ᠪᠤᠯᠤᠨ ᠲᠠᠯᠠ ᠨᠤᠲᠤᠭ ᠤᠨ ᠲᠦᠢᠮᠡᠷ ᠢ ᠰᠡᠷᠭᠡᠢᠢᠯᠡᠬᠦ ᠠᠵᠢᠯ ᠳ᠋ᠤ ᠲᠦᠢᠯ ᠤᠨ ᠠᠰᠢᠭ ᠦᠭᠡᠢ ᠃ | ᠤᠢᠢᠯᠠᠭᠠᠭᠰᠠᠨ ᠶᠢᠡᠷ ᠡᠨᠡ ᠬᠠᠪᠤᠷ ᠦᠪᠦᠷ ᠲᠦᠯ ᠤᠨ ᠤᠨᠲᠤᠷᠤᠯᠲᠠ ᠶᠢᠨ ᠨᠤᠷᠮᠠ ᠨᠢᠲᠤᠨᠤᠨ ᠤ ᠬᠢ ᠡᠴᠡ | ᠦᠨᠳᠦᠷ ᠪᠤᠯᠪᠠᠴᠤ 4 ᠰᠠᠷᠠ ᠡᠴᠡ ᠨᠠᠭᠠᠰᠢ᠂ ᠪᠦᠬᠦ ᠤᠷᠤᠨ ᠳ᠋ᠤ 4 ᠤᠲᠠᠭᠠᠨ ᠤ ᠬᠦᠢᠲᠠᠨ ᠤᠷᠤᠰᠬᠠᠯ ᠤᠨ ᠨᠦᠯᠦᠭᠡ ᠪᠡᠷ | ᠮᠠᠯᠵᠢᠬᠤ ᠤᠷᠤᠨ ᠤ ᠡᠪᠡᠰᠦ ᠬᠦᠬᠡᠷᠡᠬᠦ ᠴᠠᠭ ᠬᠤᠢᠢᠰᠢᠯᠠᠵᠤ ᠮᠠᠯ ᠤᠨ ᠲᠡᠩᠬᠡᠷᠡᠯᠲᠡ ᠲᠥᠯ ᠤᠨ ᠪᠤᠶᠢᠵᠢᠯᠲᠠ ᠳᠤ ᠠᠰᠢᠭ ᠦᠭᠡᠢ | ᠪᠠᠶᠢᠳᠠᠯ ᠢᠯᠡᠷᠡᠪᠠ᠃ | ᠦᠪᠦᠷ ᠴᠠᠭ ᠠᠭᠤᠷ ᠤᠨ ᠬᠤᠷᠢᠶᠠᠨ ᠤ ᠤᠷᠢᠳᠴᠢᠯᠠᠨ ᠲᠤᠭᠠᠴᠠᠭᠠᠯᠠᠭᠰᠠᠨ ᠶᠢᠡᠷ᠂ ᠢᠷᠡᠬᠦ ᠭᠤᠷᠪᠠᠨ | ᠬᠤᠨᠤᠭ ᠲᠤ ᠪᠦᠬᠦ ᠤᠷᠤᠨ ᠤ ᠤᠯᠠᠩᠬᠢ ᠭᠠᠵᠠᠷ ᠬᠡᠰᠡᠭ ᠲᠡᠭᠡᠨ ᠡᠬᠦᠯᠡ ᠲᠠᠢ᠂ ᠬᠦᠯᠦᠨ ᠪᠤᠢᠢᠷ ᠤᠨ ᠪᠠᠷᠠᠭᠤᠨ ᠬᠡᠰᠡᠭ ᠶᠢᠡᠷ | ᠪᠠᠭᠠ ᠪᠤᠷᠤᠭᠠᠨ ᠤᠷᠤᠨᠠ᠃ ᠪᠦᠬᠦ ᠤᠷᠤᠨ ᠤ ᠤᠯᠠᠩᠬᠢ ᠭᠠᠵᠠᠷ ᠤᠨ ᠠᠭᠠᠷ ᠤᠨ ᠲᠤᠯᠠᠭᠠᠨ 30℃ ᠡᠴᠡ ᠂ ᠵᠠᠷᠢᠮ | ᠭᠠᠵᠠᠷ ᠲᠤᠨᠢ 35℃ ᠤᠷᠴᠢᠮ ᠪᠤᠯᠤᠨᠠ᠃ ᠠᠭᠤᠷ ᠠᠮᠢᠰᠬᠤᠯ ᠭᠠᠩ ᠬᠠᠭᠤᠷᠠᠢ ᠡᠴᠡ ᠪᠤᠯᠵᠤ ᠲᠠᠯᠠ ᠨᠤᠲᠤᠭ ᠤᠨ ᠲᠦᠢᠮᠡᠷ ᠭᠠᠷᠬᠤ | ᠪᠤᠯᠤᠯᠴᠠᠭᠠ ᠲᠠᠢ᠂ ᠴᠠᠭ ᠠᠭᠤᠷ ᠤᠨ ᠰᠠᠯᠠᠭᠠ ᠮᠦᠴᠢᠷ ᠤᠨ ᠬᠢᠨ ᠭᠠᠯ ᠰᠡᠷᠭᠡᠢᠢᠯᠡᠬᠦ ᠶᠢ ᠲᠠ ᠪᠦᠬᠦᠨ ᠳ᠋ᠤ ᠰᠠᠨᠠᠭᠤᠯᠵᠤ ᠪᠠᠢᠢᠨᠠ᠃ | ᠰᠢᠨᠬᠤᠸᠠ ᠨᠸᠲ | |