ᠤᠯᠠᠩᠬᠢ ᠶᠡᠬᠡ ᠳᠡᠬᠡᠳᠤ ᠰᠤᠷᠭᠠᠭᠤᠯᠢ | ᠤᠢᠢᠷᠠ ᠳ᠋ᠤ᠂ ᠡᠨᠡ ᠵᠢᠯ ᠪᠡᠶᠠ ᠪᠠᠨ ᠳᠠᠭᠠᠭᠠᠵᠤ ᠰᠤᠷᠤᠭᠴᠢ ᠡᠯᠰᠡᠬᠦ ᠲᠦᠷᠦ ᠵᠢᠨ ᠪᠤᠳᠤᠯᠭᠠ ᠪᠠᠨ ᠶᠡᠬᠡ ᠳᠡᠬᠡᠳᠤ ᠰᠤᠷᠭᠠᠭᠤᠯᠢ | ᠵᠢᠨ ᠰᠤᠷᠤᠭᠴᠢ ᠡᠯᠰᠡᠬᠦ ᠰᠢᠭᠤᠳ ᠨᠡᠪᠳᠡᠷᠡᠬᠦᠯᠬᠡ ᠵᠢᠨ ᠫᠷᠦᠭᠷᠠᠮ ᠵᠢᠡᠷ ᠯᠡᠪᠡᠷᠡᠬᠦᠯᠦᠭᠰᠡᠨ ᠪᠠᠢᠢᠨᠠ᠃ | ᠴᠢᠩᠬᠤᠸᠠ ᠶᠡᠬᠡ ᠰᠤᠷᠭᠠᠭᠤᠯᠢ᠂ ᠪᠡᠬᠡᠵᠢᠩ ᠠᠵᠤ ᠦᠢᠯᠡᠳᠪᠦᠷᠢ ᠵᠢᠨ ᠶᠡᠬᠡ ᠰᠤᠷᠭᠠᠭᠤᠯᠢ ᠵᠡᠷᠬᠡ ᠶᠡᠬᠡ ᠳᠡᠬᠡᠳᠤ | ᠰᠤᠷᠭᠠᠭᠤᠯᠢ ᠪᠡᠶᠠ ᠪᠠᠨ ᠳᠠᠭᠠᠭᠠᠵᠤ ᠰᠤᠷᠤᠭᠴᠢ ᠡᠯᠰᠡᠬᠦ ᠨᠤᠳᠠᠯᠠᠯᠳᠠ ᠵᠢ ᠤᠯᠤᠭᠰᠠᠨ ᠰᠤᠷᠤᠭᠴᠢ ᠳ᠋ᠤ ᠬᠠᠮᠤᠭ ᠦᠨᠳᠦᠷ ᠳᠡᠬᠡᠨ | ᠵᠢᠩᠬᠢᠨᠢ ᠠᠩᠬᠢ ᠵᠢᠨ ᠨᠢᠬᠡᠳᠦᠬᠡᠷ ᠪᠦᠯᠦᠭ ᠬᠤᠪᠢ ᠵᠢᠨ ᠱᠤᠭᠤᠮ ᠵᠢᠡᠷ ᠡᠯᠰᠡᠬᠦ ᠬᠠᠷᠠᠭᠠᠯᠵᠠᠯ ᠬᠦᠷᠳᠡᠬᠡᠬᠦ ᠪᠡᠷ ᠪᠠᠢᠢᠭᠠ ᠶᠤᠮ᠃ | ᠴᠢᠩᠬᠤᠸᠠ ᠶᠡᠬᠡ ᠰᠤᠷᠭᠠᠭᠤᠯᠢ ᠵᠢᠨ ᠰᠤᠷᠤᠭᠴᠢ ᠡᠯᠰᠡᠬᠦ ᠠᠯᠪᠠᠨ ᠬᠡᠷ ᠠᠵᠢᠯᠳᠠᠨ ᠳᠠᠨᠢᠯᠴᠠᠭᠤᠯᠤᠭᠰᠠᠨ ᠵᠢᠡᠷ᠂ ᠳᠤᠰ | ᠰᠤᠷᠭᠠᠭᠤᠯᠢ ᠵᠢᠨ ᠪᠡᠶᠠ ᠪᠠᠨ ᠳᠠᠭᠠᠭᠠᠵᠤ ᠰᠤᠷᠤᠭᠴᠢ ᠡᠯᠰᠡᠬᠦ ᠡᠳᠡᠬᠡᠳ ᠵᠢᠡᠨ ᠭᠤᠷᠪᠠᠨ ᠲᠦᠷᠦᠯ ᠳ᠋ᠤ ᠬᠤᠪᠢᠶᠠᠳᠠᠭ᠄ ᠰᠤᠳᠤᠯᠵᠦ | ᠵᠤᠬᠢᠶᠠᠨ ᠪᠦᠳᠦᠬᠡᠬᠦ ᠲᠦᠷᠦᠯ ᠂ ᠲᠤᠪᠤᠢᠢᠮᠠ ᠴᠢᠳᠠᠪᠤᠷᠢ ᠵᠢᠨ ᠲᠦᠷᠦᠯ᠂ ᠬᠢᠴᠢᠶᠡᠯ ᠲᠦᠷᠦᠯ ᠤᠯᠢᠮᠫᠢᠺ ᠤᠷᠤᠯᠳᠤᠭᠠᠨ | ᠲᠦᠷᠦᠯ ᠪᠤᠯᠤᠨᠠ᠃ 3 ᠰᠠᠷᠠ ᠵᠢᠨ 16 ᠳᠦ ᠴᠢᠩᠬᠤᠸᠠ ᠶᠡᠬᠡ ᠰᠤᠷᠭᠠᠭᠤᠯᠢ ᠨᠢ ᠪᠡᠶᠠ ᠪᠠᠨ ᠳᠠᠭᠠᠭᠠᠵᠤ ᠰᠤᠷᠤᠭᠴᠢ ᠡᠯᠰᠡᠬᠦ | ᠲᠦᠷᠢᠮ ᠵᠢᠡᠨ ᠨᠡᠢᠢᠳᠡᠯᠡᠭᠰᠡᠨ ᠪᠠᠢᠢᠨᠠ᠃ ᠡᠬᠦᠨ ᠳᠠᠷᠠᠭᠠ᠂ ᠰᠢᠯᠭᠠᠭᠤᠯᠤᠭᠴᠢ ᠦᠪᠡᠷ ᠤᠨᠴᠠᠯᠢᠭ ᠵᠢᠡᠨ ᠦᠨᠳᠦᠰᠦᠯᠡᠵᠦ | ᠰᠦᠯᠵᠢᠶᠡᠨ ᠳᠡᠬᠡᠷᠡ ᠨᠡᠷᠡ ᠮᠡᠳᠡᠬᠦᠯᠵᠦ ᠪᠤᠯᠤᠨᠠ᠃ ᠰᠤᠷᠭᠠᠨ ᠬᠦᠮᠦᠵᠢᠯ ᠶᠠᠮᠤᠨ ᠳᠤᠭᠳᠠᠭᠠᠯ ᠵᠢᠡᠷ᠂ ᠪᠡᠶᠠ ᠪᠠᠨ ᠳᠠᠭᠠᠭᠠᠵᠤ | ᠰᠤᠷᠤᠭᠴᠢ ᠡᠯᠰᠡᠬᠦ ᠠᠩᠬᠠᠨ ᠰᠢᠯᠭᠠᠯᠳᠠ᠂ ᠳᠠᠬᠢᠨ ᠰᠢᠯᠭᠠᠯᠳᠠ ᠵᠢ ᠪᠦᠬᠦ ᠤᠯᠤᠰ ᠨᠢᠬᠡᠳᠦᠯᠳᠡᠢ ᠰᠢᠯᠭᠠᠯᠳᠠ ᠵᠢᠨ ᠳᠠᠷᠠᠭᠠ | ᠬᠢᠨᠡ᠃ ᠴᠢᠩᠬᠤᠸᠠ ᠶᠡᠬᠡ ᠰᠤᠷᠭᠠᠭᠤᠯᠢ ᠵᠢᠨ ᠪᠡᠶᠠ ᠪᠠᠨ ᠳᠠᠭᠠᠭᠠᠵᠤ ᠰᠤᠷᠤᠭᠴᠢ ᠡᠯᠰᠡᠬᠦ ᠠᠩᠬᠠᠨ ᠰᠢᠯᠭᠠᠯᠳᠠ ᠵᠢ 2015 | ᠤᠨ ᠡᠴᠡ ᠡᠬᠢᠯᠡᠨ ᠺᠤᠮᠫᠢᠦ᠋ᠲ᠋ᠧᠷ ᠵᠢᠡᠷ ᠰᠢᠯᠭᠠᠵᠤ᠂ ᠦᠩᠬᠡᠷᠡᠭᠰᠡᠨ ᠵᠢᠯ ᠰᠢᠯᠭᠠᠯᠳᠠ ᠡᠴᠡ ᠦᠵᠡᠬᠦ ᠳ᠋ᠤ ᠳᠤᠭᠠ ᠪᠠ | ᠯᠤᠬᠢᠭ︵ᠵᠠᠪᠠᠯ ᠰᠢᠯᠭᠠᠨᠠ︶᠂ ᠹᠢᠼᠢᠺ ᠬᠠᠢᠢᠯᠳᠠ᠂ ᠤᠩᠰᠢᠨ ᠵᠠᠳᠠᠯᠬᠤ ᠪᠠ ᠢᠯᠡᠳᠬᠡᠬᠦ ᠡᠴᠡ 1 ᠬᠢᠴᠢᠶᠡᠯ ᠰᠤᠩᠭᠤᠵᠤ | ᠰᠢᠯᠭᠠᠨᠠ᠃ ᠴᠢᠩᠬᠤᠸᠠ ᠶᠡᠬᠡ ᠰᠤᠷᠭᠠᠭᠤᠯᠢ ᠨᠢ ᠨᠢᠬᠡᠳᠦᠯᠳᠡᠢ ᠰᠢᠯᠭᠠᠯᠳᠠ ᠵᠢᠨ ᠬᠤᠪᠢ ᠵᠢ ᠨᠡᠢᠢᠳᠡᠯᠡᠬᠦ ᠡᠴᠡ ᠡᠮᠦᠨᠡ᠂ ᠨᠤᠳᠠᠯᠠᠭᠰᠠᠨ | ᠦᠷᠠ ᠨᠡᠢᠢᠳᠡᠯᠡᠨᠡ᠂ ᠨᠤᠳᠠᠯᠠᠯᠳᠠ ᠵᠢ ᠤᠯᠤᠭᠰᠠᠨ ᠰᠤᠷᠤᠭᠴᠢ ᠳ᠋ᠤ ᠬᠠᠮᠤᠭ ᠦᠨᠳᠦᠷ ᠳᠡᠬᠡᠨ ᠳᠤᠬᠠᠢ ᠵᠢᠨ ᠭᠠᠵᠠᠷ | ᠤᠯᠤᠰ ᠨᠢᠬᠡᠳᠦᠯᠳᠡᠢ ᠰᠢᠯᠭᠠᠯᠳᠠ ᠵᠢᠨ ᠵᠢᠩᠬᠢᠨᠢ ᠠᠩᠬᠢ ᠵᠢᠨ ᠨᠢᠬᠡᠳᠦᠬᠡᠷ ᠪᠦᠯᠦᠭ ᠬᠤᠪᠢ ᠵᠢᠨ ᠱᠤᠭᠤᠮ ᠵᠢᠡᠷ ᠡᠯᠰᠡᠬᠦ | ᠬᠠᠷᠠᠭᠠᠯᠵᠠᠯ ᠬᠦᠷᠳᠡᠬᠡᠨᠡ᠃ ᠤᠢᠢᠷᠠ ᠵᠢᠨ ᠵᠢᠯ ᠳ᠋ᠤ᠂ ᠴᠢᠩᠬᠤᠸᠠ ᠶᠡᠬᠡ ᠰᠤᠷᠭᠠᠭᠤᠯᠢ ᠵᠢᠨ ᠪᠡᠶᠠ ᠪᠠᠨ ᠳᠠᠭᠠᠭᠠᠵᠤ ᠰᠤᠷᠤᠭᠴᠢ ᠡᠯᠰᠡᠬᠦ | ᠦᠷᠢᠰᠦᠯᠳᠦᠬᠡᠨ ᠮᠠᠰᠢ ᠬᠤᠷᠴᠠ ᠰᠢᠷᠦᠬᠦᠨ ᠪᠠᠢᠢᠵᠤ᠂ ᠨᠢᠳᠤᠨᠤᠨ ᠴᠢᠩᠬᠤᠸᠠ ᠶᠡᠬᠡ ᠰᠤᠷᠭᠠᠭᠤᠯᠢ ᠨᠢ ᠪᠦᠬᠦ ᠤᠯᠤᠰ 8000 | ᠭᠠᠷᠤᠢ ᠬᠤᠪᠢ ᠡᠷᠡᠮᠡᠯᠵᠡᠯ ᠨᠡᠷᠡ ᠮᠡᠳᠡᠬᠦᠯᠦᠯᠳᠡ ᠵᠢ ᠳᠤᠰᠴᠤ᠂ ᠬᠠᠮᠤᠭ ᠡᠴᠦᠰ ᠲᠤ 500 ᠬᠦᠮᠦᠨ ᠨᠡᠢᠢᠳᠡᠯᠡᠭᠰᠡᠨ ᠪᠠᠢᠢᠨᠠ᠂ | ᠨᠡᠷᠡ ᠮᠡᠳᠡᠬᠦᠯᠦᠯᠳᠡ ᠪᠠ ᠡᠯᠰᠡᠯᠳᠡ ᠵᠢᠨ ᠬᠠᠷᠢᠴᠠᠯ ᠨᠢ 16᠄ 1 ᠪᠤᠯᠤᠨᠠ᠃ | ᠪᠡᠬᠡᠵᠢᠩ ᠪᠠᠭᠰᠢ ᠵᠢᠨ ᠶᠡᠬᠡ ᠰᠤᠷᠭᠠᠭᠤᠯᠢ ᠵᠢᠨ ᠪᠡᠶᠠ ᠪᠠᠨ ᠳᠠᠭᠠᠭᠠᠵᠤ ᠰᠤᠷᠤᠭᠴᠢ ᠡᠯᠰᠡᠬᠦ ᠳᠤᠭᠠ ᠨᠢ 2500 | ᠰᠤᠷᠤᠭᠴᠢ ᠡᠯᠰᠡᠬᠦ ᠶᠡᠷᠦᠩᠬᠡᠢ ᠲᠦᠯᠦᠪᠯᠡᠬᠡ ᠵᠢᠨ 5% ᠡᠵᠡᠯᠡᠨᠡ᠂ ᠪᠠᠷᠤᠭ 125 ᠰᠤᠷᠤᠭᠴᠢ ᠡᠯᠰᠡᠨᠡ᠃ ᠰᠤᠷᠭᠠᠨ | ᠤᠬᠠᠭᠠᠨ᠂ ᠶᠠᠫᠤᠨ ᠬᠡᠯᠡ᠂ ᠤᠷᠤᠰ ᠬᠡᠯᠡ᠂ ᠬᠦᠨ ᠤᠬᠠᠭᠠᠨ᠂ ᠤᠳᠤᠨ ᠤᠷᠤᠨ ᠤᠠᠬᠭᠠᠨ ᠵᠡᠷᠬᠡ 5 ᠳᠤᠰᠬᠠᠢ ᠮᠡᠷᠬᠡᠵᠢᠯ | ᠵᠢᠡᠷ ᠡᠯᠰᠡᠬᠦ ᠪᠡᠷ ᠲᠦᠯᠦᠪᠯᠡᠵᠦ ᠪᠠᠢᠢᠨᠠ᠃ | ᠪᠡᠬᠡᠵᠢᠩ ᠠᠵᠤ ᠦᠢᠯᠡᠳᠪᠦᠷᠢ ᠵᠢᠨ ᠶᠡᠬᠡ ᠰᠤᠷᠭᠠᠭᠤᠯᠢ ᠪᠤᠯ ᠪᠡᠬᠡᠵᠢᠩ ᠬᠤᠳᠠ ᠳ᠋ᠤ ᠬᠠᠷᠢᠶᠠᠯᠠᠭᠳᠠᠬᠤ ᠴᠤᠷ | ᠭᠠᠭᠴᠠ ᠪᠡᠶᠠ ᠪᠠᠨ ᠳᠠᠭᠠᠭᠠᠵᠤ ᠰᠤᠷᠤᠭᠴᠢ ᠡᠯᠰᠡᠬᠦ ᠬᠢᠷᠢ ᠬᠡᠮ ᠳᠠᠢ ᠶᠡᠬᠡ ᠳᠡᠬᠡᠳᠤ ᠰᠤᠷᠭᠠᠭᠤᠯᠢ ᠪᠤᠯᠤᠨᠠ᠃ ᠰᠢᠯᠭᠠᠭᠤᠯᠤᠭᠴᠢ ᠨᠡᠷᠡ | ᠮᠡᠳᠡᠬᠦᠯᠬᠦ ᠳ᠋ᠡᠬᠡᠨ ᠨᠡᠷᠡ ᠮᠡᠳᠡᠬᠦᠯᠬᠦ ᠬᠦᠰᠦᠨᠦᠭᠳᠤ ᠪᠠ ᠬᠤᠪᠢ ᠪᠡᠶᠠ ᠪᠠᠨ ᠳᠠᠨᠢᠯᠴᠠᠭᠤᠯᠵᠤ᠂ ᠡᠬᠦᠨ ᠡᠴᠡ ᠭᠠᠳᠠᠨᠠ ᠨᠢᠬᠡ ᠬᠤᠪᠢ | ᠪᠡᠶᠠ ᠵᠢᠨ ᠲᠦᠬᠦᠮ ᠳᠠᠨᠢᠯᠴᠠᠭᠤᠯᠭᠠ ᠳᠡᠪᠰᠢᠬᠦᠯᠦᠨᠡ᠃ ᠡᠨᠡᠬᠦ ᠭᠠᠳᠠᠭᠠᠳᠤ ᠵᠢᠨ ᠰᠤᠷᠭᠠᠭᠤᠯᠢ ᠳᠠᠢ ᠨᠢᠬᠡᠳᠦᠯᠳᠡᠢ ᠪᠠᠷᠢᠮᠵᠢᠶᠠ ᠳᠠᠢ | ᠪᠠᠢᠢᠯᠭᠠᠬᠤ ᠵᠢ ᠵᠤᠷᠢᠵᠠᠢ᠃ ᠪᠡᠶᠠ ᠵᠢᠨ ᠳᠠᠨᠢᠯᠴᠠᠭᠤᠯᠭᠠ ᠪᠠᠨ ᠤᠷᠳᠤ ᠪᠢᠴᠢᠬᠦ ᠬᠡᠷᠡᠭ ᠦᠬᠡᠢ᠂ ᠨᠢᠬᠡ ᠬᠤᠶᠠᠷ ᠨᠢᠭᠤᠷ ᠪᠢᠴᠢᠭᠰᠡᠬᠡᠷ | ᠪᠤᠯᠴᠢᠬᠠᠨᠠ᠂ ᠨᠤᠳᠠᠯᠠᠯᠳᠠ ᠵᠢᠨ ᠬᠢᠷᠢ ᠬᠡᠮ ᠤᠯᠤᠭᠰᠠᠨ ᠰᠤᠷᠤᠭᠴᠢ ᠳ᠋ᠤ ᠪᠡᠬᠡᠵᠢᠩ ᠠᠵᠤ ᠦᠢᠯᠡᠳᠪᠦᠷᠢ ᠵᠢᠨ ᠶᠡᠬᠡ | ᠰᠤᠷᠭᠠᠭᠤᠯᠢ ᠡᠴᠡ A ᠦᠨᠡᠮᠯᠡᠯ ᠪᠤᠶᠤ B ᠦᠨᠡᠮᠯᠡᠯ ᠤᠯᠭᠤᠨᠠ᠃ ᠰᠢᠯᠭᠠᠭᠤᠯᠤᠭᠴᠢ ᠳᠤᠰ ᠬᠤᠳᠠ ᠵᠢᠨ ᠵᠢᠩᠬᠢᠨᠢ ᠠᠩᠬᠢ ᠵᠢᠨ | ᠨᠢᠬᠡᠳᠦᠬᠡᠷ ᠪᠦᠯᠦᠭ ᠬᠤᠪᠢ ᠵᠢᠨ ᠱᠤᠭᠤᠮ ᠳ᠋ᠤ ᠬᠦᠷᠦᠭᠰᠡᠨ ᠪᠤᠯ ᠡᠯᠰᠡᠨᠡ᠃ Bᠦᠨᠡᠮᠯᠡᠯ ᠤᠯᠤᠭᠰᠠᠳ ᠠᠩᠬᠠᠨ ᠳᠤᠰᠬᠠᠢ | ᠮᠡᠷᠬᠡᠵᠢᠯ ᠡᠷᠡᠮᠡᠯᠵᠡᠯ ᠵᠢᠡᠷ ᠡᠯᠰᠡᠬᠦ ᠵᠢ ᠪᠠᠳᠤᠯᠠᠬᠤ ᠡᠴᠡ ᠭᠠᠳᠠᠨᠠ᠂ ᠡᠮᠦᠨᠡ ᠬᠤᠶᠠᠷ ᠨᠡᠷᠡᠰ ᠨᠢ ᠳᠤᠰ ᠰᠤᠷᠭᠠᠭᠤᠯᠢ ᠵᠢᠨ ᠹᠠᠨ | ᠬᠦᠩ ᠵᠢᠶᠧ ᠳᠡᠬᠡᠳᠤ ᠰᠤᠷᠭᠠᠭᠤᠯᠢ ᠳ᠋ᠤ ᠤᠷᠤᠵᠤ ᠪᠤᠯᠤᠨᠠ |