ᠲᠠᠭᠠᠨᠠ ᠬᠦᠮᠡᠯᠢ ᠶᠢᠨ ᠦᠨᠦᠷ ᠬᠠᠩᠬᠤᠯᠵᠤ ᠂ ᠲᠠᠪᠤᠨ ᠰᠠᠷᠠ ᠶᠢᠨ ᠲᠠᠩᠰᠣᠭ ᠤᠶᠠᠩᠭᠠ ᠬᠠᠩᠬᠢᠨᠠᠭᠰᠠᠨ ᠲᠠᠪᠤᠨ ᠰᠠᠷᠠ ᠶᠢᠨ | ᠨᠠᠢᠮᠠᠨ ᠤ ᠡᠳᠦᠷ᠂ ᠰᠤᠷᠤᠭᠴᠢᠳ ᠤᠨ ᠬᠢᠴᠢᠶᠡᠯ ᠦᠨ ᠭᠠᠳᠠᠨᠠᠬᠢ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠵᠤ ᠂ ᠤᠷᠠ ᠴᠢᠳᠠᠪᠤᠷᠢ ᠶᠢ | ᠨᠢ ᠪᠠᠳᠠᠷᠠᠭᠤᠯᠤᠨ ᠂ ᠤᠷᠮᠠ ᠵᠣᠷᠢᠭ ᠢ ᠨᠢ ᠬᠦᠭᠵᠢᠭᠡᠵᠦ ᠂ ᠪᠦᠬᠦ ᠲᠠᠯᠠ ᠶᠢᠨ ᠬᠦᠭᠵᠢᠯᠳᠡ ᠶᠢ ᠠᠬᠢᠭᠤᠯᠬᠤ ᠵᠣᠷᠢᠯᠭᠠ ᠠᠴᠠ | ᠶᠠᠪᠤᠭᠳᠠᠭᠰᠠᠨ ᠂ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤᠨ ᠤ ᠪᠠᠶᠠᠨᠬᠤᠰᠢᠭᠤ ᠲᠦᠷᠪᠡᠳᠦᠭᠡᠷ | ᠲᠤᠮᠳᠠᠳᠤ ᠰᠤᠷᠭᠠᠭᠤᠯᠢ ᠶᠢᠨ 5 ᠂1᠂ 5᠂4 ᠪᠡᠯᠭᠡᠯᠡᠬᠦ ᠭᠤᠷᠪᠠᠳᠠᠬᠢ ᠬᠤᠭᠤᠴᠠᠭᠠᠨ ᠤ ᠨᠠᠷᠠ ᠲᠠᠭᠤᠭᠰᠠ ᠨᠠᠰᠤ | ᠮᠤᠩᠭᠤᠯ ᠰᠢᠯᠦᠭ᠂ ᠶᠠᠷᠢᠶᠠᠨ ᠤ ᠤᠷᠤᠯᠳᠤᠭᠠᠨ ᠰᠢᠨᠡ ᠪᠠᠭᠤᠴᠠ ᠵᠢᠨ ᠢᠶᠡᠨ ᠬᠠᠯᠠᠭᠤᠨ ᠡᠯᠢᠭᠡᠨ ᠳᠦ᠂ ᠡᠵᠢ ᠶᠢᠨ ᠪᠠᠶᠠᠷ ᠤᠨ | ᠡᠳᠦᠷ ᠦᠨ ᠡᠨᠡᠷᠢᠯ ᠬᠠᠶᠢᠷᠠ ᠶᠢᠨ ᠢᠪᠡᠯᠦᠭᠡ ᠲᠠᠢ ᠨᠠᠶᠢᠷᠠᠭ ᠤᠨ ᠬᠤᠷᠠ ᠪᠤᠯᠵᠤ ᠱᠠᠬᠢᠭᠰᠠᠨ ᠪᠠᠶᠢᠨᠠ ᠃ | ᠤᠷᠤᠯᠳᠤᠭᠠᠨ ᠨᠢ᠂ ᠲᠤᠯᠤᠭᠠ ᠂ ᠨᠠᠢᠮᠠᠳᠤᠭᠠᠷ ᠣᠨ ᠰᠢᠯᠦᠭ ᠦᠨ ᠣᠩᠰᠢᠯᠭᠠ ᠪᠠᠷ ᠤᠷᠤᠯᠳᠤᠬᠤ ᠂ ᠶᠢᠰᠦᠳᠦᠭᠡᠷ ᠣᠨ | ᠶᠠᠷᠢᠶᠠ ᠢᠯᠡᠳᠭᠡᠯ ᠢᠶᠡᠷ ᠦᠷᠢᠰᠦᠯᠳᠦᠬᠦ ᠬᠡᠯᠪᠡᠷᠢ ᠪᠠᠷ ᠶᠠᠪᠤᠭᠳᠠᠵᠤ ᠂ ᠰᠤᠷᠭᠠᠭᠤᠯᠢ ᠶᠢᠨ ᠡᠪᠯᠡᠯ ᠦᠨ ᠡᠭᠦᠷ ᠦᠨ ᠱᠦᠵᠢ ᠵᠣᠣ ᠱᠤ᠋ | ᠭᠣᠸᠠᠩ ᠪᠠᠭᠰᠢ ᠠᠴᠠ ᠤᠷᠤᠯᠳᠤᠭᠠᠨ ᠤ ᠨᠠᠶᠢᠷ ᠤᠨ ᠡᠬᠢᠯᠡᠯᠳᠡ ᠶᠢᠨ ᠦᠭᠡ ᠂ ᠰᠤᠷᠭᠠᠭᠤᠯᠢ ᠶᠢᠨ ᠪᠦᠵᠢᠭ ᠦᠨ | ᠪᠦᠯᠬᠦᠮ ᠡᠴᠡ ᠮᠤᠩᠭᠤᠯ ᠬᠡᠦᠬᠡᠨᠴᠣᠳ ᠭᠡᠬᠦ ᠤᠷᠠᠨ ᠪᠦᠵᠢᠭ ᠢᠶᠡᠷ ᠵᠢᠡᠨ ᠤᠷᠤᠯᠳᠤᠭᠠᠨ ᠤ ᠨᠠᠶᠢᠷ ᠤᠨ ᠲᠤᠷᠭᠠᠨ ᠬᠦᠰᠢᠭᠡ ᠶᠢ | ᠠᠵᠠᠲᠠᠶᠢᠬᠠᠨ | ᠤᠷᠠᠨ ᠰᠢᠯᠦᠭ᠂ ᠤᠷᠤᠰᠤᠮᠠ ᠰᠠᠶᠢᠬᠠᠨ ᠶᠠᠷᠢᠶᠠ ᠨᠢ ᠤᠶᠠᠩᠭᠠᠳᠤ ᠲᠠᠭᠤᠤ ᠂ ᠤᠶᠠᠬᠠᠨ ᠪᠦᠵᠢᠭ ᠲᠠᠢ ᠪᠠᠨ | ᠤᠷᠤᠯᠳᠤᠭᠠᠨ ᠤ ᠲᠠᠶᠢᠰᠠᠨ ᠳᠤ ᠲᠠᠪᠤᠨ ᠰᠠᠷᠠ ᠶᠢᠨ ᠴᠡᠴᠡᠭᠡᠰ ᠪᠤᠯᠵᠤ ᠪᠠᠳᠮᠠᠷᠠᠨ ᠲᠡᠯᠭᠡᠷᠡᠬᠦ ᠳᠤ ᠂ ᠲᠤᠯᠤᠭᠠ ᠶᠢᠨ ᠵᠢᠷᠭᠤᠭᠠ ᠶᠢᠨ | ᠭᠡᠭᠡᠨᠳᠠᠨᠠ ᠲᠡᠯᠭᠡᠷ ᠽᠠᠨᠳᠠᠨ ᠮᠣᠳᠣ ᠭᠡᠬᠦ ᠤᠶᠠᠩᠭᠠ ᠰᠢᠯᠦᠭ ᠢᠶᠡᠷ ᠢᠶᠡᠨ ᠣᠨ ᠤ ᠨᠢᠭᠡᠴᠡ ᠳᠦ ᠪᠡᠨ ᠤᠷᠤᠶᠢᠯᠠᠵᠤ ᠂ ᠨᠠᠢᠮᠠ ᠤ | ᠲᠦᠷᠪᠡ ᠶᠢᠨ ᠪᠠᠢ ᠱᠤ᠋ ᠶᠤᠸᠠᠨ ᠡᠵᠢ ᠬᠤᠳᠳᠤᠭ ᠭᠡᠳᠡᠭ ᠰᠠᠶᠢᠬᠠᠨ ᠰᠢᠯᠦᠭ ᠲᠠᠢ ᠪᠠᠨ ᠣᠨ ᠤ ᠨᠢᠭᠡᠴᠡ ᠳᠦ ᠪᠡᠨ ᠦᠵᠦᠭᠦᠷᠯᠡᠨ᠂ | ᠶᠢᠰᠦ ᠶᠢᠨ ᠲᠤᠯᠤᠭᠠ ᠶᠢᠨ ᠶᠠᠩ ᠶᠠᠩ ᠦᠨᠳᠦᠰᠦᠳᠡᠨ ᠦ ᠪᠡᠨ ᠦᠭᠡ ᠬᠡᠯᠡ ᠦᠰᠦᠭ ᠪᠢᠴᠢᠭ ᠢ ᠴᠢᠷᠮᠠᠶᠢᠨ ᠰᠤᠷᠤᠯᠴᠠᠬᠤ ᠬᠡᠷᠡᠭᠳᠡᠢ | ᠭᠡᠬᠦ ᠶᠠᠷᠢᠶᠠ ᠪᠠᠷ ᠢᠶᠠᠨ ᠤᠯᠠᠨ ᠢᠶᠠᠨ ᠤᠷᠢᠶᠠᠯᠠᠨ ᠣᠨ ᠤ ᠨᠢᠭᠡᠴᠡ ᠳᠦ ᠮᠠᠩᠯᠠᠶᠢᠯᠠᠵᠤ᠂ ᠲᠤᠯᠤᠭᠠ ᠶᠢᠨ ᠲᠤᠯᠤᠭᠠ ᠶᠢᠨ ᠬᠠᠢ ᠬᠣᠡᠭ | ᠶᠠᠨ᠂ ᠵᠢᠶᠦ᠋ᠨ ᠵᠢᠶ᠋ᠸ ᠨᠠᠷ ᠤᠨ ᠨᠠᠷᠠᠲᠠᠢ ᠬᠠᠮᠲᠣᠯᠢᠭ︾ ᠤᠨ ᠰᠤᠷᠤᠭᠴᠢ ᠶᠢᠨ ᠠᠮᠢᠳᠤᠷᠠᠯ ᠰᠠᠶᠢᠬᠠᠨ ᠬᠡᠮᠡᠬᠦ ᠰᠢᠯᠦᠭ ᠡᠴᠡ ᠡᠬᠡ | ᠰᠤᠷᠭᠠᠭᠤᠯᠢ ᠶᠢᠨ ᠤᠨᠴᠠᠯᠢᠭᠳᠤ ᠵᠢᠭᠠᠨ ᠰᠤᠷᠭᠠᠯᠲᠠ ᠂ ᠴᠡᠪᠡᠷ ᠲᠤᠬᠢᠯᠢᠭ ᠪᠠᠶᠢᠷᠢ ᠶᠢᠨ ᠠᠮᠢᠳᠤᠷᠠᠯ ᠂ ᠰᠢᠮᠡ ᠲᠡᠵᠢᠭᠡᠯᠳᠦ ᠬᠤᠭᠣᠯᠠᠨ | ᠭᠡᠷ ᠦᠨ ᠲᠣᠲᠣᠨᠣᠰᠣᠭ ᠦᠢᠯᠡᠴᠢᠯᠡᠭᠡ᠂ ᠲᠠᠮᠢᠷ ᠴᠢᠳᠠᠯ ᠤᠨ ᠴᠢᠩᠭᠠ ᠪᠤᠯᠪᠠᠰᠣᠷᠠᠯ ᠂ ᠬᠠᠮᠳᠤ ᠨᠦᠬᠦᠳ ᠦᠨ ᠬᠠᠯᠠᠭᠤᠨ ᠰᠠᠶᠢᠬᠠᠨ | ᠨᠦᠬᠦᠷᠯᠡᠯ ᠵᠡᠷᠭᠡ ᠡᠶᠡ ᠨᠠᠶᠢᠷᠠᠮᠳᠠᠭᠤ ᠰᠤᠷᠭᠠᠭᠤᠯᠢ ᠶᠢᠨ ᠬᠦᠷᠢᠶᠡᠨ ᠦᠷᠨᠢᠯ ᠬᠦᠭᠵᠢᠯ ᠬᠢᠯᠠᠰᠤᠨ ᠲᠤᠳᠤᠷᠠᠵᠤ ᠂ ᠠᠴᠢᠳᠤ ᠪᠠᠭᠰᠢ | ᠨᠠᠷ ᠤᠨ ᠢᠶᠠᠨ ᠡᠯᠢᠭᠡᠨ ᠬᠠᠶᠢᠷᠠ ᠳᠦ ᠲᠠᠭᠠᠯᠠᠭᠳᠠᠵᠤ ᠂ ᠦᠶᠡ ᠶᠢᠨ ᠨᠦᠬᠦᠳ ᠦᠨ ᠢᠶᠡᠨ ᠢᠲᠡᠭᠡᠯ ᠵᠣᠷᠢᠭ ᠢ ᠬᠦᠪᠴᠢᠯᠡᠵᠡᠢ᠃ | ᠪᠠᠶᠠᠷ ᠲᠤᠷᠠᠰᠬᠠᠯ ᠤᠨ ᠡᠳᠦᠷ ᠲᠦ ᠪᠡᠨ ᠪᠡᠯᠡᠭ ᠡᠷᠭᠦᠭᠰᠡᠨ ᠪᠠᠶᠠᠨᠬᠤᠰᠢᠭᠤ ᠲᠦᠷᠪᠡᠳᠦᠭᠡᠷ ᠲᠤᠮᠳᠠᠳᠤ ᠰᠤᠷᠭᠠᠭᠤᠯᠢ ᠶᠢᠨ | ᠭᠤᠷᠪᠠᠳᠠᠬᠢ ᠬᠤᠭᠤᠴᠠᠭᠠᠨ ᠤ ᠨᠠᠷᠠ ᠲᠠᠭᠤᠭᠰᠠᠨ ᠨᠠᠰᠤ ᠰᠢᠯᠦᠭ᠂ ᠶᠠᠷᠢᠶᠠ ᠶᠢᠨ ᠤᠷᠤᠯᠳᠤᠭᠠᠨ ᠨᠢ ᠪᠦᠬᠦ ᠤᠷᠤᠨ ᠤ ᠠᠩᠬᠠᠳᠤᠭᠠᠷ | ᠬᠤᠭᠤᠴᠠᠭᠠᠨ ᠤ ᠲᠤᠮᠳᠠᠳᠤ ᠪᠠᠭᠠ ᠰᠤᠷᠭᠠᠭᠤᠯᠢ ᠶᠢᠨ︽ ᠴᠤᠮᠤᠷᠯᠢᠭ ᠬᠤᠨᠳᠠᠭᠠᠳᠤ︾ ᠵᠤᠬᠢᠶᠠᠯ ᠤᠨ ᠤᠷᠤᠯᠳᠤᠭᠠᠨ ᠪᠠ ᠨᠠᠢᠮᠠᠨ ᠮᠤᠵᠢ | ᠤᠷᠤᠨ ᠤ ᠲᠠᠪᠤᠳᠤᠭᠠᠷ ᠤᠳᠠᠭᠠᠨ ᠤ ᠨᠠᠢᠮᠠᠨ ᠰᠢᠷᠭᠠ ᠵᠤᠬᠢᠶᠠᠯ ᠤᠨ ᠤᠷᠤᠯᠳᠤᠭᠠᠨ ᠳᠤ ᠲᠡᠰ ᠲᠦ ᠲᠤᠳᠤᠷᠠᠵᠤ᠂ ᠰᠢᠯᠢᠳᠡᠭ ᠲᠦ | ᠪᠠᠶᠢᠷᠢᠰᠢᠭᠰᠠᠨ ᠰᠤᠷᠤᠭᠴᠢᠳ ᠲᠤ ᠪᠠᠨ ᠱᠠᠩᠨᠠᠯ ᠤᠨ ᠦᠨᠡᠮᠯᠡᠯ ᠭᠠᠷᠳᠠᠭᠤᠯᠵᠤ ᠂ ᠰᠤᠷᠤᠭᠴᠢᠳ ᠤᠨ ᠢᠶᠠᠨ ᠵᠤᠬᠢᠶᠠᠨ ᠪᠢᠴᠢᠯᠭᠡ ᠶᠢ | ᠠᠮᠵᠢᠯᠲᠠ ᠳᠤ ᠬᠦᠷᠭᠡᠭᠰᠡᠨ ᠵᠢᠭᠠᠨ ᠵᠢᠯᠤᠭᠤᠳᠤᠭᠰᠠᠨ ᠪᠠᠭᠰᠢ ᠨᠠᠷ ᠢᠶᠠᠨ ᠬᠦᠬᠢᠭᠦᠯᠦᠨ ᠵᠣᠷᠢᠭᠵᠢᠭᠤᠯᠤᠭᠰᠠᠨ ᠠᠵᠢᠯᠯᠠᠭᠠ ᠪᠠᠶᠢᠭᠰᠠᠨ ᠨᠢ | ᠣᠷᠢᠳᠠᠬᠢ ᠬᠤᠶᠠᠷ ᠤᠳᠠᠭᠠᠨ ᠤ ᠬᠢ ᠡᠴᠡ ᠤᠨᠴᠠᠯᠢᠭᠳᠠᠭᠰᠠᠨ ᠪᠠᠶᠢᠵᠤ᠂ ᠪᠠᠭᠰᠢ ᠰᠤᠷᠤᠭᠴᠢᠳ ᠲᠤ ᠪᠠᠨ ᠠᠵᠠ ᠵᠠᠪᠰᠢᠶᠠᠨ᠂ ᠪᠠᠶᠠᠷ | ᠪᠠᠬᠠᠳᠤᠯ᠂ ᠬᠦᠴᠦᠨ ᠴᠢᠳᠠᠯ᠂ ᠤᠷᠮᠠ ᠵᠣᠷᠢᠭ ᠬᠠᠶᠢᠷᠠᠯᠠᠵᠤ ᠢᠷᠡᠭᠰᠡᠨ︽ᠨᠠᠷᠠ ᠲᠠᠭᠤᠭᠰᠠᠨ ᠨᠠᠰᠤ ᠰᠤᠷᠭᠠᠭᠤᠯᠢ ᠶᠢᠨ ᠬᠦᠷᠢᠶᠡᠨ ᠦ | ᠰᠣᠶᠤᠯ ᠤᠷᠠᠯᠢᠭ ᠤᠨ ᠤᠷᠤᠯᠳᠤᠭᠠᠨ ᠲᠠᠩᠰᠣᠭ ᠤᠶᠠᠩᠭᠠ ᠶᠢ ᠲᠠᠭᠠᠯᠳᠣᠨ᠂ ᠪᠠᠶᠠᠨᠬᠤᠰᠢᠭᠤ ᠲᠦᠷᠪᠡᠳᠦᠭᠡᠷ ᠲᠤᠮᠳᠠᠳᠤ | ᠰᠤᠷᠭᠠᠭᠤᠯᠢ ᠨᠡᠶᠢᠭᠡᠮ ᠨᠡᠶᠢᠲᠡ ᠳ᠋ᠡᠬᠢ ᠦᠨᠡᠯᠡᠯᠲᠡ ᠤᠯᠠᠮ ᠦᠨᠳᠡᠷᠵᠢᠭᠰᠡᠨ ᠪᠠᠶᠢᠯᠠ ᠃ | ᠪᠠᠭᠰᠢ ᠰᠤᠷᠤᠭᠴᠢᠳ ᠤᠨ ᠰᠡᠳᠭᠢᠯ ᠰᠡᠳᠬᠢᠯ ᠦᠨ ᠨᠡᠪᠳᠡᠷᠡᠯᠴᠡᠯ ᠂ ᠢᠲᠡᠭᠡᠯ ᠢᠲᠡᠭᠡᠯ ᠦᠨ ᠪᠣᠱᠣᠭᠠᠨ ᠲᠡᠭᠡᠷᠡ ᠡᠷᠬᠢᠯᠡᠭᠳᠡᠨ | ᠪᠠᠶᠢᠭᠠ ᠨᠠᠷᠠ ᠲᠠᠭᠤᠭᠰᠠᠨ ᠨᠠᠰᠤ ᠰᠤᠷᠭᠠᠭᠤᠯᠢ ᠶᠢᠨ ᠬᠦᠷᠢᠶᠡᠨ ᠦ ᠰᠣᠶᠤᠯ ᠤᠷᠠᠯᠢᠭ ᠤᠨ ᠨᠠᠶᠢᠷ ᠤᠨ ᠰᠣᠷᠢᠶᠠᠨ ᠠᠴᠠ | ᠴᠤᠯᠭᠠᠷᠠᠭᠰᠠᠨ ᠬᠡᠦᠬᠡᠳ ᠤᠳ ᠮᠢᠨᠢ ᠬᠤᠶᠢᠰᠢᠲᠠ ᠨᠡᠩ ᠲᠤᠮᠤ ᠲᠠᠶᠢᠰᠠᠨᠠ ᠨᠡᠷᠡ ᠠᠯᠳᠠᠷ ᠢᠶᠠᠨ ᠭᠠᠶᠢᠬᠠᠭᠤᠯᠬᠤ ᠨᠢ ᠯᠠᠪᠲᠠᠢ ︕ | ︽ᠨᠠᠷᠠ ᠲᠠᠭᠤᠭᠰᠠᠨ ᠨᠠᠰᠤ︾ ᠮᠢᠨᠢ ᠰᠢᠯᠦᠭ ᠨᠠᠶᠢᠷᠠᠭ ᠤᠨ ᠤᠶᠠᠩᠭᠠ ᠶᠢᠨ ᠲᠦᠯᠦ ᠵᠤᠭᠰᠤᠰᠢ ᠦᠬᠡᠢ ᠲᠦᠷᠡᠯᠵᠢᠬᠦ | ᠪᠠᠶᠢᠭᠠᠰᠠᠢ ︕ | |