1949 5 15 ᠡᠳᠤᠷ᠂ ︽ᠰᠦᠢ ᠶᠤᠸᠠᠨ ᠦᠪᠤᠷ ᠡᠳᠤᠷ | ᠰᠤᠨᠢᠨ︾ ᠲᠠᠬᠢᠨ ᠭᠡᠪᠯᠡᠭᠳᠡᠵᠤ᠂ ᠰᠤᠨᠢᠨ ᠬᠤᠷᠢᠶᠠ ᠰᠢᠨᠠ ᠵᠠᠮ ᠵᠡᠬᠡᠯᠢ ᠳᠤ ᠪᠠᠢᠢᠭᠤᠯᠪᠠ᠃ | ᠡᠰᠡᠷᠬᠦᠴᠡᠬᠦ ᠲᠠᠢᠢᠨ ᠠᠩᠬᠠᠨ ᠦᠶᠠ ᠳᠤ᠂ ᠳᠤᠮᠳᠠᠳᠤ ᠤᠯᠤᠰ ᠡᠪ ᠬᠠᠮᠳᠤ ᠨᠠᠮ ᠲᠦᠪ ᠬᠤᠷᠢᠶ᠍᠋ᠠᠨ ᠡᠴᠡ | ᠨᠠᠢᠮᠠᠨ ᠵᠠᠮ ᠴᠡᠷᠢᠭ 120 ᠳ᠋ᠢᠸᠢᠽᠢ ᠰᠦᠢ ᠶᠤᠸᠠᠨ ᠳᠤ ᠲᠤᠮᠢᠯᠠᠵᠤ᠂ ᠨᠡᠷᠡ ᠠᠯᠳᠠᠷᠰᠢᠬᠰᠠᠨ ᠲᠠᠯᠠᠨ ᠬᠠᠷᠠ | ᠠᠭᠤᠯᠠ ᠶᠠᠫᠤᠨ ᠡᠰᠡᠷᠬᠦᠴᠡᠬᠦ ᠫᠠᠷᠲ᠋ᠢᠽᠠᠨ ᠠᠩᠬᠢ ᠰᠠᠭᠤᠷᠢᠨ ᠭᠠᠵᠠᠷ ᠪᠠᠢᠢᠭᠤᠯᠵᠤ᠂ ᠲᠡᠷᠡᠴᠢᠯᠠᠨ ᠨᠠᠮ | ᠪᠠᠢᠢᠭᠤᠯᠤᠯᠳᠠ ᠪᠤᠯᠤᠨ ᠵᠠᠰᠠᠬ ᠤᠷᠳᠤᠨ ᠪᠠᠢᠢᠭᠤᠯᠤᠯᠭᠠ ᠪᠠᠢᠢᠭᠤᠯᠵᠤ᠂ ᠳᠤᠮᠳᠠᠳᠤ ᠤᠯᠤᠰ ᠡᠪ | ᠬᠠᠮᠳᠤ ᠱᠠᠨ ᠰᠢ ᠰᠦᠢ ᠶᠤᠸᠠᠨ ᠲᠤᠪᠴᠢᠶᠠ ᠪᠤᠯᠤᠨ ᠱᠠᠨ ᠰᠢ ᠰᠦᠢ ᠶᠤᠸᠠᠨ ᠬᠢᠯᠢ ᠬᠢᠵᠠᠭᠠᠷ | ᠤᠷᠤᠨ ᠵᠠᠰᠠᠬ ᠵᠠᠬᠢᠷᠭᠠᠨ ᠵᠤᠷᠭᠠᠨ ᠤᠳᠤᠷᠢᠳᠤᠯᠭᠠ ᠳᠤ ᠰᠢᠭᠤᠳ ᠃ | ᠶᠠᠫᠤᠨ ᠡᠰᠡᠷᠬᠦᠴᠡᠬᠦ ᠲᠠᠢᠢᠨ ᠢᠯᠠᠯᠳᠠ ᠤᠯᠬᠤ ᠡᠴᠡ ᠡᠮᠤᠨᠡᠬᠡᠨ᠂ ᠲᠦᠪ ᠡᠴᠡ ᠡᠨᠡᠬᠦ ᠤᠷᠤᠨ | ᠴᠢᠩᠭᠠᠳᠬᠠᠬᠤ ᠲᠦᠯᠤᠬᠡ᠂ 1945 7 ᠰᠠᠷᠠ ᠳᠤ ᠰᠦᠢ ᠶᠤᠸᠠᠨ ᠦᠪᠤᠷ ᠮᠤᠩᠭᠤᠯ | ᠵᠠᠰᠠᠬ ᠤᠷᠳᠤᠨ ᠵᠢᠩᠬᠢᠨᠢ ᠪᠡᠷ ᠪᠠᠢᠢᠭᠤᠯᠵᠤ᠂ ᠶᠦᠨ ᠋ ᠲᠡᠷᠢᠬᠦᠯᠡᠭᠴᠢ ᠲᠤᠰᠢᠶ᠍᠋ᠠᠯ ᠬᠠᠷᠢᠭᠤᠴᠠᠵᠤ᠂ ᠶᠠᠩ | ᡁᠢ ᠯᠢᠨ ᠲᠡᠳ᠋ ᠲᠡᠷᠢᠬᠦᠯᠡᠭᠴᠢ ᠲᠤᠰᠢᠶ᠍᠋ᠠᠯ ᠬᠠᠷᠢᠭᠤᠴᠠᠪᠠ᠃ 9 ᠰᠠᠷᠠ ᠱᠠᠨ ᠰᠢ ᠰᠦᠢ ᠶᠤᠸᠠᠨ | ᠲᠤᠪᠴᠢᠶᠠ ᠡᠴᠡ ᠯᠢᠤᠢ ᠂ ᠶᠠᠨ ᠂ ᠰᠦᠢ ᠶᠤᠸᠠᠨ ᠦᠪᠤᠷ ᠮᠤᠩᠭᠤᠯ ᠭᠤᠷᠪᠠᠨ ᠤᠷᠤᠨ ᠨᠠᠮ ᠬᠤᠷᠢᠶᠠ | ᠪᠠᠢᠢᠭᠤᠯᠬᠤ ᠪᠡᠷ ᠲᠤᠭᠳᠠᠵᠤ᠂ ᠶᠤᠤ ᠵᠸ ᠰᠦᠢ ᠶᠤᠸᠠᠨ ᠦᠪᠤᠷ ᠮᠤᠩᠭᠤᠯ ᠴᠡᠷᠢᠭ ᠲᠤᠭᠤᠷᠢᠬ | ᠺᠤᠮᠠᠨᠳᠠᠯᠠᠬᠴᠢ ᠪᠡᠷ ᠲᠤᠮᠢᠯᠠᠵᠤ᠂ ᠵᠠᠩ ᠳ᠋ᠠ ᡁᠢ ᠨᠠᠮ ᠬᠤᠷᠢᠶ᠍᠋ᠠᠨ ᠱᠦᠵᠢ ᠪᠦᠬᠡᠳ ᠴᠡᠷᠢᠭ ᠲᠤᠭᠤᠷᠢᠬ | ᠱᠲ᠋ᠠᠹ ᠲᠠᠷᠤᠭᠠ ᠪᠡᠷ ᠲᠤᠮᠢᠯᠠᠵᠤ᠂ ᠶᠢ ᠲᠡᠳ᠋ ᠱᠦᠵᠢ ᠪᠡᠷ ᠲᠤᠮᠢᠯᠠᠪᠠ᠃ | 1946 7 ᠰᠠᠷᠠ 1 ᠡᠳᠤᠷ ᠂ ᠰᠦᠢ ᠶᠤᠸᠠᠨ ᠦᠪᠤᠷ ᠮᠤᠩᠭᠤᠯ ᠤᠷᠤᠨ | ᠬᠤᠷᠢᠶᠠ ᠬᠢᠨ ᠦᠪᠤᠷ ᠮᠤᠩᠭᠤᠯ ᠵᠢᠨᠢᠩ ᠳᠤ ︽ᠰᠦᠢ ᠶᠤᠸᠠᠨ ᠦᠪᠤᠷ ᠮᠤᠩᠭᠤᠯ ᠡᠳᠤᠷ ᠰᠤᠨᠢᠨ︾ | ᠡᠬᠦᠳᠤᠨ ᠪᠠᠢᠢᠭᠤᠯᠵᠤ᠂ ᠨᠠᠢᠮᠠᠨ ᠵᠦᠰᠤᠮ ᠲᠦᠷᠪᠡᠨ ᠨᠢᠭᠤᠷ᠂ ᠡᠳᠤᠷ ᠲᠤ 2000 ᠬᠤᠪᠢ ᠬᠡᠪᠯᠠᠵᠤ᠂ ᠨᠠᠮ | ᠡᠯᠠ ᠵᠤᠢᠢᠯ ᠲᠦᠷᠤ ᠪᠤᠳᠤᠯᠭᠠ ᠦᠷᠬᠡᠨ ᠤᠬᠠᠭᠤᠯᠵᠤ᠂ ᠤᠯᠤᠰ ᠳᠤᠳᠤᠭᠠᠳᠤ ᠡᠯᠠ | ᠭᠠᠵᠠᠷ ᠪᠠᠢᠢᠳᠠᠯ ᠲᠠᠨᠢᠯᠴᠠᠭᠤᠯᠵᠤ᠂ ᠭᠤᠮᠢᠨᠳᠠᠩ ᠨᠠᠮ ᠲᠡᠷᠰᠯᠡᠬᠦᠤ ᠪᠦᠯᠦᠭ ᠡᠩᠬᠡ ᠲᠠᠢᠢᠪᠤᠩ | ᠡᠪᠳᠡᠵᠤ᠂ ᠳᠤᠳᠤᠭᠠᠳᠤ ᠲᠠᠢᠢᠨ ᠬᠤᠪᠢᠯᠳᠤᠯᠭᠠ ᠢᠯᠡᠴᠢᠯᠠᠪᠠ᠃ | ᠲᠤᠰ ᠵᠢᠯ 9 ᠰᠠᠷᠠ 15 ᠡᠳᠤᠷ᠂ ᠳᠤᠮᠳᠠᠳᠤ ᠤᠯᠤᠰ ᠠᠷᠠᠳ ᠴᠢᠯᠤᠬᠡᠯᠡᠬᠦ ᠴᠡᠷᠢᠭ | ᠵᠢᠨᠢᠩ ᠡᠴᠡ ᠤᠬᠤᠷᠢᠨ ᠭᠠᠷᠴᠤ᠂︽ᠰᠦᠢ ᠶᠤᠸᠠᠨ ᠦᠪᠤᠷ ᠮᠤᠩᠭᠤᠯ ᠡᠳᠤᠷ ᠰᠤᠨᠢᠨ︾ ᠬᠤᠷᠢᠶᠠ ᠴᠡᠷᠢᠭ | ᠲᠠᠭᠠᠨ ᠤᠬᠤᠷᠢᠨ ᠭᠠᠷᠴᠤ᠂ ᠰᠤᠨᠢᠨ ᠵᠤᠬᠰᠤᠪᠠ᠃ | 1949 ᠤᠨ 5ᠰᠠᠷᠠ ᠳᠤ᠂ ︽ᠰᠦᠢ ᠶᠤᠸᠠᠨ ᠦᠪᠤᠷ ᠮᠤᠩᠭᠤᠯ ᠡᠳᠤᠷ ᠰᠤᠨᠢᠨ︾ | ᠲᠠᠬᠢᠨ ᠬᠡᠪᠯᠡᠭᠳᠡᠵᠤ᠂ ᠲᠦᠷᠪᠡᠨ ᠵᠦᠰᠤᠮ ᠲᠦᠷᠪᠡᠨ ᠨᠢᠭᠤᠷ ᠬᠤᠤᠰ ᠡᠳᠤᠷ ᠰᠤᠨᠢᠨ ᠪᠤᠯᠪᠠ᠃ ᠲᠤᠰ ᠵᠢᠯ | 12 ᠂︽ᠰᠦᠢ ᠶᠤᠸᠠᠨ ᠦᠪᠤᠷ ᠮᠤᠩᠭᠤᠯ ᠡᠳᠤᠷ ᠰᠤᠨᠢᠨ︾ ᠬᠤᠷᠢᠶᠠ ᠨᠢ ᠰᠦᠢ ᠶᠤᠸᠠᠨ | ᠦᠪᠤᠷ ᠮᠤᠩᠭᠤᠯ ᠤᠷᠤᠨ ᠨᠠᠮ ᠬᠤᠷᠢᠶ᠍᠋ᠠᠨ ᠪᠠᠢᠢᠭᠤᠯᠤᠯᠭᠠ ᠨᠡᠬᠦᠬᠦ ᠲᠠᠭᠠᠯᠳᠤᠨ ᠬᠦᠢ ᠰᠦᠢ ︵ᠤᠳᠤ | ᠬᠦᠬᠡᠬᠤᠳᠠ︶ ᠳᠤ ᠨᠡᠬᠦᠨ ᠢᠷᠠᠵᠠᠢ᠃ | 1949 6 ᠰᠠᠷᠠ ᠂ ᠳᠤᠮᠳᠠᠳᠤ ᠤᠯᠤᠰ ᠡᠪ ᠬᠠᠮᠳᠤ ᠨᠠᠮ ᠤᠮᠠᠷᠠᠳᠤ ᠤᠷᠤᠨ | ᠡᠴᠡ ᠂ ᠰᠦᠢ ᠶᠤᠸᠠᠨ ᠦᠪᠤᠷ ᠮᠤᠩᠭᠤᠯ ᠤᠷᠤᠨ ᠨᠠᠮ ᠬᠤᠷᠢᠶᠠ ᠰᠦᠢ ᠶᠤᠸᠠᠨ ᠮᠤᠵᠢ | ᠨᠠᠮ ᠬᠤᠷᠢᠶᠠ ᠪᠤᠯᠭᠠᠨ ᠦᠭᠡᠷᠡᠴᠢᠯᠡᠵᠤ᠂ ᠰᠦᠢ ᠶᠤᠸᠠᠨ ᠦᠪᠤᠷ ᠮᠤᠩᠭᠤᠯ ᠵᠠᠰᠠᠬ ᠤᠷᠳᠤᠨ ᠰᠦᠢ | ᠶᠤᠸᠠᠨ ᠮᠤᠵᠢ ᠵᠠᠰᠠᠬ ᠤᠷᠳᠤᠨ ᠪᠤᠯᠭᠠᠨ ᠦᠭᠡᠷᠡᠴᠢᠯᠡᠵᠤ᠂ ᠳᠤᠮᠳᠠᠳᠤ ᠤᠯᠤᠰ ᠡᠪ ᠬᠠᠮᠳᠤ ᠨᠠᠮ | ᠤᠮᠠᠷᠠᠳᠤ ᠤᠷᠤᠨ ᠲᠤᠪᠴᠢᠶᠠ ᠪᠤᠯᠤᠨ ᠤᠮᠠᠷᠠᠳᠤ ᠤᠷᠤᠨ ᠠᠷᠠᠳ ᠵᠠᠰᠠᠬ ᠤᠷᠳᠤᠨ ᠤᠳᠤᠷᠢᠳᠤᠯᠭᠠ | ᠰᠢᠭᠤᠳ ᠬᠦᠯᠢᠶ᠍᠋ᠡᠬᠦ ᠪᠡᠷ ᠲᠤᠭᠳᠠᠪᠠ᠃ | |